ᠡᠷ᠎ᠡ ᠶᠢᠨ ᠣᠩᠭᠣᠨ ᠰᠦᠷ – ᠲ ᠂ ᠭᠣᠮᠪᠣᠵᠠᠪ Эрийн онгон сүр – Т ᠂ Гомбожав
ᠡᠷ᠎ᠡ ᠶᠢᠨ ᠣᠩᠭᠣᠨ ᠰᠦᠷ
1
ᠳᠡᠭᠡᠷ᠎ᠡ ᠪᠡᠨ ᠬᠡᠵᠢᠶᠡᠳᠡ ᠲᠣᠭᠣᠰᠣ ᠬᠦᠷᠭᠡᠳᠡᠭ ᠦᠭᠡᠢ
ᠳᠡᠷᠭᠡᠳᠡ ᠪᠡᠨ ᠶᠡᠷᠦ ᠰᠡᠭᠦᠳᠡᠷ ᠪᠠᠶ᠋ᠢᠯᠭᠠᠲᠠᠭ ᠦᠭᠡᠢ
ᠡᠷ᠎ᠡ ᠶ᠋ᠢᠨ ᠣᠩᠭᠣᠨ ᠰᠦᠷ ᠡᠨᠡ ᠬᠣᠷᠸ᠋᠎ᠠ ᠶ᠋ᠢᠨ ᠴᠢᠮᠡᠭ !
ᠬᠡᠪᠡᠯᠢ ᠢᠰᠬᠦᠯᠦᠨ ᠡᠬᠡᠡᠴᠡ ᠲᠥᠷᠥᠭᠰᠡᠨ ᠪᠡᠶ᠎ᠡ ᠶ᠋ᠢᠨ
ᠬᠡᠭᠦᠳᠡᠭ ᠲᠡᠨᠢᠢᠨ ᠵᠣᠷᠢᠭ ᠪᠥᠰᠡᠯᠡᠭᠰᠡᠨ ᠦᠷ᠎ᠡ ᠶ᠋ᠢᠨ
ᠵᠡᠭᠦᠳᠦᠨ ᠳ᠋ᠡᠭᠡᠨ ᠬᠠᠳᠠ ᠴᠠᠪᠴᠢᠭᠰᠠᠨ ᠵᠠᠮ ᠶ᠋ᠢᠠᠷ
ᠵᠢᠷᠦᠬᠡᠨ ᠳ᠋ᠡᠭᠡᠨ ᠠᠶᠤᠩᠭ᠎ᠠ ᠵᠠᠵᠢᠯᠤᠭᠰᠠᠨ ᠮᠥᠷ ᠶ᠋ᠢᠠᠷ
ᠡᠷ᠎ᠡ ᠶ᠋ᠢᠨ ᠣᠩᠭᠣᠨ ᠳᠡᠯ ᠪᠣᠰᠤᠭ᠎ᠠ ᠰᠦᠷ
ᠡᠵᠡᠨ ᠶ᠋ᠢᠠᠨ ᠳᠠᠭᠠᠵᠤ ᠣᠮᠣᠭ ᠪᠣᠰᠤᠭ᠎ᠠ ᠥᠰᠦᠨ᠎ᠡ ᠡ
2
ᠡᠷ᠎ᠡ ᠬᠥᠮᠦᠨ ᠪᠡᠶ᠎ᠡ ᠪᠣᠰᠤᠭ᠎ᠠ
ᠡᠳ᠋ᠯᠡᠬᠦ ᠰᠦᠷ ᠨᠢ ᠳᠡᠯ ᠪᠣᠰᠤᠭ᠎ᠠ
ᠪᠡᠶ᠎ᠡ ᠪᠣᠰᠤᠭ᠎ᠠ ᠴᠣᠭᠴᠠ ᠶ᠋ᠢ ᠠᠪᠴᠤ
ᠬᠣᠷᠸ᠋᠎ᠠ ᠳ᠋ᠤ᠌ ᠲᠥᠷᠥᠬᠦ ᠪᠤᠶᠠᠨ
ᠳᠡᠯ ᠪᠣᠰᠤᠭ᠎ᠠ ᠰᠦᠷ ᠊ᠢ ᠣᠯᠵᠤ
ᠡᠷ᠎ᠡ ᠪᠣᠯᠬᠤ ᠰᠠᠶ᠋ᠢᠬᠠᠨ !
3
ᠰᠥᠨᠢ ᠶ᠋ᠢᠨ ᠬᠠᠷᠠᠩᠭᠤᠢ ᠳ᠋ᠤ᠌ ᠂ ᠮᠠᠯᠴᠢᠨ ᠡᠷ᠎ᠡ
ᠰᠦᠷᠦᠭ ᠶ᠋ᠢᠠᠨ ᠮᠠᠨᠠᠨ ᠵᠣᠭᠰᠣᠬᠤ ᠳ᠋ᠤ᠌
ᠰᠦᠷ ᠨᠢ ᠴᠢᠨᠣ᠎ᠠ ᠶ᠋ᠢᠨ ᠵᠢᠷᠦᠬᠡ ᠶ᠋ᠢ ᠰᠤᠭᠤᠯᠤᠨ᠎ᠠ
ᠪᠠᠯᠠᠷ ᠦ᠋ᠨ ᠭᠦᠨ ᠳ᠋ᠤ᠌ ᠭᠡᠭᠡᠷᠡᠴᠢ ᠡᠷ᠎ᠡ
ᠪᠠᠷᠲᠠᠭ᠎ᠠ ᠬᠠᠶ᠋ᠢᠨ ᠶᠠᠪᠤᠬᠤ ᠳ᠋ᠤ᠌
ᠳᠡᠯ ᠪᠣᠰᠤᠬ᠋᠎ᠠ ᠰᠦᠷ ᠲᠤ ᠂ ᠬᠠᠷ᠎ᠠ ᠪᠣᠰᠤᠬ᠋᠎ᠠ ᠠᠶᠤᠯ
ᠳᠥᠷᠪᠡᠨ ᠵᠦᠭ ᠲᠤ ᠰᠠᠷᠨᠢᠨ᠎ᠠ
ᠳᠠᠷᠢ ᠶ᠋ᠢᠨ ᠤᠲᠤᠭᠠᠨ ᠳ᠋ᠤ᠌ ᠂ ᠴᠡᠷᠢᠭ ᠡᠷ᠎ᠡ
ᠳᠠᠶ᠋ᠢᠰᠤᠨ ᠤᠷᠤᠭᠤ ᠳᠣᠪᠲᠣᠯᠬᠤ ᠳ᠋ᠤ᠌
ᠬᠢᠯᠢᠩ ᠪᠣᠰᠤᠬ᠋᠎ᠠ ᠰᠦᠷ ᠲᠦ ᠂ ᠡᠰᠡᠷᠭᠦ ᠬᠠᠨᠲᠤᠭᠰᠠᠨ ᠫᠤᠤ
ᠡᠰᠢᠯᠡᠭᠰᠡᠨ ᠰᠤᠮᠤᠨ ᠳ᠋ᠠᠭᠠᠨ ᠵᠠᠩᠭᠢᠷᠠᠨ᠎ᠠ ᠡ
4
ᠠᠪᠤ ᠶ᠋ᠢᠨ ᠶ᠋ᠢᠡᠨ ᠳᠡᠷᠭᠡᠳᠡ ᠪᠠᠶ᠋ᠢᠪᠠᠯ
ᠦᠷ᠎ᠡ ᠶ᠋ᠢᠨ ᠵᠢᠷᠦᠬᠡ ᠪᠦᠲᠦᠭᠦᠨ —
ᠠᠯᠢᠶ᠎ᠠ ᠪᠣᠲᠣᠯ ᠦ᠋ᠨ ᠬᠢᠨᠢ ᠨᠢᠷᠤᠭᠤ ᠶ᠋ᠢ
ᠡᠷ᠎ᠡ ᠶ᠋ᠢᠨ ᠰᠦᠷ ᠂ ᠠᠭᠤᠯᠠ ᠳᠦᠰᠢᠳᠡᠭ ᠡᠴᠡ ᠰᠢᠦ !
ᠡᠷᠡᠭᠲᠡᠢ ᠶ᠋ᠢᠨ ᠶ᠋ᠢᠡᠨ ᠬᠠᠵᠠᠭᠤᠲᠠ ᠪᠠᠶ᠋ᠢᠪᠠᠯ
ᠡᠬᠡᠨᠡᠷ ᠦ᠋ᠨ ᠰᠡᠤᠠᠬᠢᠯ ᠲᠠᠶ᠋ᠢᠪᠤᠩ —
ᠬᠡᠪᠡᠷᠡᠭ ᠴᠢᠲᠠᠯ ᠦ᠋ᠨ ᠬᠢᠨᠢ ᠪᠡᠬᠢᠯᠡᠯᠲᠡ ᠶ᠋ᠢ
ᠡᠷ᠎ᠡ ᠶ᠋ᠢᠨ ᠰᠦᠷ ᠂ ᠪᠦᠷᠭᠦᠳ ᠮᠠᠨᠠᠲᠠᠭ ᠠ᠋ᠴᠠ ᠰᠢᠦ !
5
ᠡᠷ᠎ᠡ ᠶ᠋ᠢᠨ ᠣᠩᠭᠣᠨ ᠰᠦᠷ
ᠨᠢᠲᠦᠨ ᠳ᠋ᠤ᠌ ᠦᠵᠡᠭᠳᠡᠳᠡᠭ ᠦᠭᠡᠢ
ᠭᠡᠪᠡᠴᠦ ᠂ ᠪᠣᠲᠣᠯ ᠳ᠋ᠤ᠌ ᠪᠣᠰᠤᠬ᠋᠎ᠠ ᠬᠠᠷᠠᠭᠲᠠᠨ᠎ᠠ
ᠭᠠᠵᠠᠷ ᠳᠡᠭᠡᠷ᠎ᠡ ᠬᠥᠷᠥᠰᠥ ᠳᠠᠷᠤᠳᠠᠭ ᠦᠭᠡᠢ
ᠠᠭᠤᠯᠠ ᠡᠷᠭᠦᠴᠦ ᠠᠭᠠᠷ ᠳᠡᠭᠡᠷ᠎ᠡ
ᠣᠮᠣᠭ ᠪᠣᠰᠤᠬ᠋᠎ᠠ ᠵᠣᠭᠰᠣᠨ᠎ᠠ
ᠪᠣᠷᠣᠭᠠᠨ ᠳ᠋ᠤ᠌ ᠨᠣᠴᠣᠵᠤ ᠶᠠᠪᠤᠲᠠᠭ ᠪᠠᠮᠪᠠᠷ
ᠴᠠᠰᠤᠨ ᠳ᠋ᠤ᠌ ᠪᠤᠴᠠᠯᠵᠤ ᠭᠦᠶᠦᠳᠡᠭ ᠳᠠᠪᠠᠯᠭ᠎ᠠ
ᠭᠠᠯ ᠳ᠋ᠤ᠌ ᠰᠠᠬᠠᠯ ᠴᠠᠷᠴᠠᠳᠠᠭ ᠳᠤᠮᠤᠭ
ᠭᠠᠯᠪᠠ ᠳ᠋ᠤ᠌ ᠪᠤᠳᠤᠯ ᠳᠠᠷᠤᠳᠠᠭ ᠠᠭᠤᠯᠠ ᠁
ᠣᠮᠣᠭ ᠪᠣᠰᠤᠬ᠋᠎ᠠ ᠡᠷ᠎ᠡ ᠶ᠋ᠢᠨ
ᠳᠡᠯ ᠪᠣᠰᠤᠬ᠋᠎ᠠ ᠰᠦᠷ —
ᠠᠲ᠋ᠣᠮ ᠠᠶᠤᠩᠬ᠋ᠠ ᠂ ᠲᠡᠷᠡ ᠪᠢᠯᠡ
6
ᠡᠷᠬᠡ ᠰᠦᠷ ᠪᠢᠰᠢ
ᠡᠳ᠋ ᠴᠤ᠌ ᠪᠢᠰᠢ ᠡ
ᠡᠪᠦᠳᠦᠭ ᠨᠤᠭᠤᠷᠠᠲᠠᠭ ᠦᠶ᠎ᠡ ᠵᠥᠭᠡᠯᠡᠨ ᠬᠥᠮᠦᠨ ᠊ᠢ
ᠡᠷ᠎ᠡ ᠶ᠋ᠢᠨ ᠣᠩᠭᠣᠨ ᠰᠦᠷ ᠂ ᠬᠡᠵᠢᠶᠡᠲᠡ ᠳᠠᠭᠠᠳᠠᠭ ᠦᠭᠡᠢ
ᠪᠠᠯᠠᠮᠠᠳ ᠵᠠᠩ ᠂ ᠰᠦᠷ ᠪᠢᠰᠢ
ᠪᠠᠰᠢᠷ ᠮᠡᠬᠡ ᠴᠤ᠌ ᠰᠦᠷ ᠪᠢᠰᠢ
ᠪᠠᠬ᠋᠎ᠠ ᠯᠠ ᠬᠥᠨᠲᠡᠪᠡᠯ ᠳᠡᠯᠪᠡᠷᠡᠴᠢᠭᠡᠳᠡᠭ ᠬᠥᠮᠦᠨ
ᠪᠣᠰᠤᠬ᠋᠎ᠠ ᠣᠩᠭᠣᠨ ᠰᠦᠷ ᠊ᠢ ᠬᠡᠵᠢᠶᠡᠲᠡ ᠣᠯᠲᠠᠭ ᠦᠭᠡᠢ ᠡ
7
ᠡᠬᠡ ᠣᠷᠣᠨ ᠪ ᠪᠠᠨ ᠬᠠᠨ᠎ᠠ ᠶ᠋ᠢ ᠲᠦᠰᠢᠵᠦ
ᠡᠩᠬᠡ ᠠᠮᠢᠲᠤᠷᠠᠯ ᠦ᠋ᠨ ᠶ᠋ᠢᠠᠨ ᠤᠨᠢ ᠶ᠋ᠢ ᠡᠷᠭᠦᠵᠦ
ᠪᠡᠶ᠎ᠡ ᠪᠣᠰᠤᠬ᠋᠎ᠠ ᠡᠷ᠎ᠡ ᠦᠷ᠎ᠡ ᠶ᠋ᠢᠨ
ᠳᠡᠯ ᠪᠣᠰᠤᠬ᠋᠎ᠠ ᠣᠩᠭᠣᠨ ᠰᠦᠷ
ᠠᠰ ᠳᠡᠭᠡᠭᠰᠢ ᠪᠡᠨ ᠲᠩᠷᠢ ᠲᠤᠯᠵᠤ ᠪᠠᠶ᠋ᠢᠬ !
ᠠᠭᠠᠷ ᠡᠷᠭᠦᠨ ᠮᠥᠩᠬᠡ ᠳᠠᠷᠬᠠᠨ ᠶᠠᠪᠤᠭ ᠡ !
ᠵᠠᠯᠠᠭᠤ ᠰᠢᠯᠦᠭᠴᠢᠳ ᠦᠨ ᠴᠣᠪᠣᠷᠠᠯ ᠪᠢᠴᠢᠭ᠌
< ᠢᠷᠡᠬᠦ ᠵᠠᠭᠤᠨ ᠤ ᠬᠣᠩᠬᠣᠨ ᠳᠠᠭᠤᠨ > ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ ᠄ ᠪᠠᠭᠠᠲᠤᠷ
ᠬᠢᠨᠠᠭ᠍ᠴᠢ ᠄ ᠴᠣᠯᠮᠣᠬ᠍ᠲᠤᠶᠠᠭ᠎ᠠ ᠪᠠᠭ᠍ᠰᠢ
2023 ᠣᠨ ᠪ4 ᠰᠠᠷ᠎ᠠ ᠶ᠋ᠢᠨ8
