ᠱᠠᠩᠨᠠᠯ- ᠪ ᡀᠠᠭᠪᠠᠰᠦ᠋ᠷᠦᠩ Шагнал-б · Лхагвасүрэн
ᠱᠠᠩᠨᠠᠯ
1985 ᠣᠨ
ᠪ · ᡀᠠᠭᠪᠠᠰᠦ᠋ᠷᠦᠩ
ᠡᠵᠢ ᠮᠢᠨᠢ
ᠨᠠᠮᠠᠶ᠋ᠢ
ᠴᠠᠭᠠᠨ ᠰᠦ ᠪᠡᠷ ᠢ᠋ᠶ᠋ᠡᠨ ᠱᠠᠩᠨᠠᠵᠤ
ᠡᠴᠢᠭᠡ ᠮᠢᠨᠢ
ᠨᠠᠮᠠᠶ᠋ᠢ
ᠢᠰᠡᠭᠡᠢ ᠦᠨᠡᠭᠡ ᠪᠡᠷ ᠮᠢᠯᠢᠶᠠᠵᠤ
ᠡᠬᠡ ᠣᠷᠣᠨ ᠮᠢᠨᠢ
ᠡᠷᠬᠡ ᠴᠢᠯᠥᠭᠡ ᠪᠡᠷ ᠱᠠᠩᠨᠠᠭᠰᠠᠨ
ᠬᠤᠪᠢᠰᠬᠠᠯ ᠮᠢᠨᠦ
ᠱᠠᠩᠨᠠᠯ
ᠬᠤᠪᠢ ᠵᠠᠶᠠᠭ᠎ᠠ ᠴᠤ᠌ ᠮᠢᠨᠦ ᠱᠠᠩᠨᠠᠯ
ᠡᠷᠦᠬᠡ ᠲᠠᠲᠠᠬᠤ ᠳ᠋ᠤ᠌ ᠲᠣᠭᠣᠨᠣ ᠪᠠᠷ ᠪᠢᠯᠬᠠᠭᠰᠠᠨ ᠨᠠᠷᠠ
ᠥᠯᠥᠭᠡᠢ ᠳᠡᠭᠡᠷ᠎ᠡ
ᠮᠢᠨᠢ ᠭᠡᠭᠡ ᠮᠠᠨᠳᠤᠭᠤᠯᠵᠤ
ᠥᠨᠳᠥᠷ ᠪᠣᠱᠣᠭ᠎ᠠ ᠪᠠᠨ ᠳᠠᠪᠠᠵᠤ ᠲᠠᠯ᠎ᠠ ᠶ᠋ᠢᠨ ᠰᠡᠵᠢᠭᠦᠷ
ᠥᠯᠮᠠᠶ᠋ᠢᠯᠲᠡᠬᠦ ᠳ᠋ᠦ᠍
ᠥᠭᠡᠯᠦᠨ ᠴᠢᠯᠠᠭᠤ
ᠬᠠᠯᠢᠭᠤᠨ ᠴᠡᠴᠡᠭ ᠢ᠋ᠶ᠋ᠡᠨ ᠳᠡᠪᠢᠰᠦᠭᠰᠡᠨ
ᠳᠡᠯᠡᠬᠡᠢ ᠮᠢᠨᠦ
ᠱᠠᠩᠨᠠᠯ ᡀᠠᠸ᠋ᠴᠢᠷ
ᠬᠠᠶ᠋ᠢᠷ᠎ᠠ ᠶ᠋ᠢ ᠳᠠᠭᠠᠭᠠᠨ᠎ᠠ ᠭᠡᠳᠡᠭ ᠱᠠᠩᠨᠠᠭᠤᠯᠬᠤ ᠠ᠋ᠴᠠ ᠬᠡᠴᠡᠭᠦᠦ
ᠬᠠᠨᠵᠤ
ᠰᠠᠭᠭᠠᠭᠰᠠᠨ ᠪᠠᠶ᠋ᠢᠪᠠᠯ
ᠦᠬᠦᠭᠰᠡᠨ ᠡᠴᠡ ᠳᠣᠣᠷ᠎ᠠ
ᠰᠠᠯᠠᠭᠠᠨ ᠳᠠᠷᠤᠭ᠎ᠠ ᠳ᠋ᠠᠭᠠᠨ ᠴᠤ᠌ ᠰᠠᠶ᠋ᠢᠰᠢᠶᠠᠯᠭᠠᠵᠤ ᠶᠠᠪᠤᠭ᠎ᠠ ᠴᠡᠷᠢᠭ ᠡᠷ᠎ᠡ
ᠰᠠᠢᠬᠠᠨ ᠡᠬᠡ ᠣᠷᠣᠨ ᠤ᠋ ᠪᠠᠨ ᠲᠥᠯᠥᠭᠡ
ᠱᠠᠩᠨᠠᠯ ᠭᠡᠵᠦ
ᠬᠢᠮᠤᠰᠤ ᠶ᠋ᠢᠨ ᠴᠢᠨᠡᠭᠡ ᠴᠦ᠍ ᠪᠣᠳᠣᠯ ᠦᠭᠡᠢ
ᠰᠢᠷᠬᠠᠨ ᠤ᠋ ᠪᠠᠨ ᠴᠢᠰᠤ ᠶ᠋ᠢ ᠬᠡᠭᠵᠡᠷᠡᠭᠰᠡᠨ ᠡᠬᠡ ᠭᠠᠵᠠᠷ ᠲᠠᠭᠠᠨ ᠶᠡᠭᠦᠯᠡᠵᠦ
ᠳᠣᠲᠣᠨᠣ ᠠᠮᠢ ᠪᠠᠷ ᠢ᠋ᠶ᠋ᠠᠨ ᠡᠬᠡ ᠣᠷᠣᠨ ᠢ᠋ᠶ᠋ᠠᠨ ᠱᠠᠩᠨᠠᠵᠤ
ᠳᠣᠲᠣᠭᠠᠳᠤ
ᠬᠣᠷᠮᠣᠢ ᠶ᠋ᠢ ᠨᠢ ᠨᠥᠬᠥᠵᠦ ᠨᠥᠭᠴᠢᠭᠰᠡᠨ
ᠣᠷᠴᠢᠯᠠᠩ ᠊ᠢ ᠬᠤᠪᠢᠰᠬᠠᠭᠰᠠᠨ ᠯᠧᠨᠢᠨ
ᠣᠳᠣᠨ ᠦᠭᠡᠢ ᠪᠠᠶ᠋ᠢᠬᠰᠠᠨ ᠃
ᠯᠧᠨᠢᠨ ᠥᠪᠡᠷ ᠢ᠋ᠶ᠋ᠡᠨ
ᠳᠡᠯᠡᠬᠡᠢ ᠶ᠋ᠢ ᠱᠠᠩᠨᠠᠭᠰᠠᠨ
ᠮᠥᠩᠬᠡ ᠶ᠋ᠢᠨ ᠣᠳᠣᠨ ᠃
ᠠᠯᠠᠭ ᠡᠷᠢᠶᠡᠨ ᠲᠡᠢ ᠴᠦ᠍ ᠠᠮᠢᠳᠤᠷᠠᠯ ᠥᠪᠡᠷ ᠢ᠋ᠶ᠋ᠡᠨ ᠱᠠᠩᠨᠠᠯ
ᠠᠮᠠᠷᠠᠭ ᠮᠢᠨᠢ
ᠨᠠᠮᠠᠶ᠋ᠢ ᠦᠨᠦᠰᠬᠦ ᠨᠢ ᠴᠦ᠍
ᠠᠮᠢᠳᠤ ᠶ᠋ᠢᠨ ᠵᠢᠷᠭᠠᠯ ᠤ᠋ᠨ ᠱᠠᠩᠨᠠᠯ
ᠡᠭᠡᠯᠭᠡᠨ ᠰᠢᠯᠦᠭ ᠮᠢᠨᠢ ᠴᠦ᠍
ᠡᠨᠡᠬᠡᠨ ᠪᠡᠶ᠎ᠡ
ᠮᠢᠨᠢ ᠴᠦ᠍
ᠡᠬᠡ ᠣᠷᠣᠨ ᠢ᠋ᠶ᠋ᠠᠨ ᠱᠠᠩᠨᠠᠭᠰᠠᠨ ᠱᠠᠩᠨᠠᠯ ᠃
ᠢᠷᠡᠬᠦ ᠴᠠᠭ
ᠢᠷᠡᠭᠡᠳᠦᠢ ᠮᠢᠨᠦ ᠱᠠᠩᠨᠠᠯ
ᠡᠯᠡᠨ ᠤᠯᠠᠷᠢᠭᠰᠠᠨ
ᠲᠡᠦᠬᠡ ᠴᠦ᠍ ᠮᠢᠨᠦ ᠱᠠᠩᠨᠠᠯ ᠃
ᠤᠷᠲᠤ ᠶ᠋ᠢᠨ ᠳᠠᠭᠤᠤ ᠶ᠋ᠢᠨ ᠲᠠᠯ᠎ᠠ ᠳ᠋ᠤ᠌ ᠬᠣᠨᠣᠭᠰᠠᠨ ᠴᠤᠤᠷᠢᠶ᠎ᠠ
ᠤᠷᠤᠭ ᠤᠯᠠᠭᠠᠨ
ᠭᠠᠯ ᠤ᠋ᠨ ᠵᠠᠭᠤᠨ ᠢ᠋ᠶ᠋ᠠᠷ ᠴᠣᠭᠰᠢᠭᠰᠠᠨ ᠠᠮᠢ
ᠠᠭᠤᠯᠠᠰ ᠤ᠋ᠨ ᠣᠷᠣᠢ ᠳ᠋ᠤ᠌ ᠬᠣᠨᠣᠭᠰᠠᠨ ᠨᠣᠶ᠋ᠢᠷᠮᠤᠭ ᠴᠠᠭᠠᠨ ᠮᠠᠨᠠᠨ
ᠤᠰᠤᠨ ᠤ᠋ ᠨᠣᠭᠣᠭᠠᠨ ᠲᠣᠬᠣᠢ ᠠ᠋ᠴᠠ ᠨᠠᠮᠠᠶ᠋ᠢ ᠰᠢᠷᠲᠡᠭᠰᠡᠨ ᠵᠢᠮᠢᠰ
ᠤᠬᠢᠯᠠᠵᠤ
ᠶᠠᠪᠤᠭᠰᠠᠨ ᠵᠣᠪᠠᠯᠠᠩ
ᠤᠬᠠᠭᠠᠷᠠᠭᠰᠠᠨ ᠠᠯᠳᠠᠭ᠎ᠠ ᠮᠢᠨᠢ ᠬᠦᠷᠲᠡᠯ᠎ᠡ ᠱᠠᠩᠨᠠᠯ
ᠨᠠᠳᠠ ᠪᠠᠶ᠋ᠢᠭ᠎ᠠ ᠪᠦᠬᠦᠨ ᠮᠢᠨᠦ ᠱᠠᠩᠨᠠᠯ
ᠨᠠᠳᠠ ᠢᠯᠡᠭᠦᠦ ᠱᠠᠩᠨᠠᠯ ᠬᠡᠷᠡᠭ ᠦᠭᠡᠢ ᠠ᠋ !
ᠬᠠᠷᠢᠨ
ᠠᠮᠠᠷᠠᠭ ᠬᠠᠨᠢ ᠶ᠋ᠢ ᠮᠢᠨᠢ
ᠠᠴᠢ ᠳ᠋ᠠᠭᠠᠨ ᠳᠠᠭᠤᠯᠠᠬᠤ ᠪᠦᠪᠡᠢ ᠶ᠋ᠢᠨ ᠳᠠᠭᠤᠤ ᠪᠠᠷ ᠱᠠᠩᠨᠠ
ᠳ᠋ᠦ᠋ᠩ ᠡᠪᠦᠯ ᠦ᠋ᠨ ᠨᠢᠳᠦ ᠦᠭᠡᠢ ᠰᠢᠭᠤᠷᠭᠠᠨ ᠢ᠋ᠶ᠋ᠠᠷ ᠮᠠᠯ ᠤ᠋ᠨ ᠵᠠᠬ᠎ᠠ ᠳ᠋ᠤ᠌
ᠳᠠᠭᠤ ᠪᠠᠨ ᠬᠥᠯᠳᠡᠲᠡᠯᠡ ᠶᠠᠪᠤᠭ᠎ᠠ ᠡᠴᠢᠭᠡ ᠶ᠋ᠢ ᠮᠢᠨᠢ
ᠨᠠᠷᠠ ᠪᠠᠷ ᠱᠠᠩᠨᠠ !
ᠲᠤᠩ ᠴᠠᠭᠠᠨ ᠦᠰᠦ ᠨᠢ
ᠨᠠᠮᠤᠷ ᠤ᠋ᠨ ᠰᠠᠯᠬᠢᠨ ᠳ᠋ᠤ᠌ ᠬᠡᠶ᠋ᠢᠰᠴᠦ
ᠳᠠᠭᠤᠲᠤ ᠶ᠋ᠢᠨ ᠰᠢᠷᠭᠠᠯ ᠬᠥᠲᠥᠯ ᠳᠡᠭᠡᠷ᠎ᠡ
ᠨᠠᠮᠠᠶ᠋ᠢ ᠬᠠᠷᠠᠭᠤᠯᠳᠠᠵᠤ ᠵᠣᠭᠰᠣᠭ᠎ᠠ
ᠡᠵᠢ ᠶ᠋ᠢ ᠮᠢᠨᠢ
ᠮᠥᠩᠬᠡ ᠶ᠋ᠢᠨ ᠤᠰᠤ ᠪᠠᠷ ᠱᠠᠩᠨᠠ !
ᠳᠠᠶ᠋ᠢᠨ ᠤ᠋ ᠠᠶ᠋ᠢᠲᠠᠰ ᠢ᠋ᠶ᠋ᠠᠷ ᠲᠦᠭᠰᠢᠵᠦ ᠶᠠᠪᠤᠭ᠎ᠠ
ᠳᠡᠯᠡᠬᠡᠢ ᠶ᠋ᠢ ᠮᠢᠨᠢ
ᠡᠩᠬᠡ ᠠᠮᠤᠭᠤᠯᠠᠩ ᠢ᠋ᠶ᠋ᠠᠷ ᠱᠠᠩᠨᠠ !
ᠱᠠᠩᠨᠠ !
ᠦᠰᠦᠭ
ᠠᠮᠢᠯᠠᠭᠤᠯᠤᠭᠴᠢ ᠄ ᠰᠠᠶ᠋ᠢᠵᠢᠷᠠᠬᠤ
ᠬᠢᠨᠠᠭᠴᠢ ᠄
ᠰᠡᠬᠡᠭᠡᠷᠡᠯ᠂ ᠪᠠᠶᠠᠷᠴᠡᠴᠡᠭ
2023/04/08
