ᠨᠠᠷᠠ ᠮᠢᠨᠢ ᠵᠢᠭᠠᠬᠠᠨ ᠪᠠᠢᠵᠠᠨᠠᠭᠠᠴᠢ -ᠭ · ᠳᠠᠸᠠᠳᠠᠯᠠᠢНар минь жаахан байзнаач-г · Даваадалай ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠷᠠ ᠮᠢᠨᠢ ᠵᠢᠭᠠᠬᠠᠨ ᠪᠠᠢᠵᠠᠨᠠᠭᠠᠴᠢ -ᠭ · ᠳᠠᠸᠠᠳᠠᠯᠠᠢНар минь жаахан байзнаач-г · Даваадалай

ᠨᠠᠷᠠ ᠮᠢᠨᠢ ᠵᠢᠭᠠᠬᠠᠨ ᠪᠠᠢᠵᠠᠨᠠᠭᠠᠴᠢ -ᠭ · ᠳᠠᠸᠠᠳᠠᠯᠠᠢНар минь жаахан байзнаач-г · Даваадалай

ᠠᠩᠭᠢᠯᠠᠯ:ᠳᠠᠭᠤᠤ ᠬᠥᠭᠵᠢᠮ
2023-04-10

341

ᠨᠠᠷᠠ ᠮᠢᠨᠢ ᠵᠢᠭᠠᠬᠠᠨ ᠪᠠᠢᠵᠠᠨᠠᠭᠠᠴᠢ

   ᠦᠭᠡ ᠄  · ᠪᠢᠮᠪᠠᠵᠠᠪ

   ᠠᠶᠠᠯᠭᠤ ᠄  · ᠪᠠᠲᠤᠸᠴᠢᠷ
   ᠳᠠᠭᠤᠴᠢᠨ ᠄  · ᠳᠠᠸᠠᠳᠠᠯᠠᠢ


ᠡᠬᠢᠯᠡᠭᠰᠡᠨ ᠳᠠᠭᠤᠤ ᠪᠠᠨ ᠭᠦᠢᠴᠡᠭᠡᠵᠦ ᠠᠭᠤᠳᠠᠮ ᠲᠡᠭᠷᠢ ᠳ᠋ᠦ᠍ ᠨᠢᠰᠦᠶ᠎ᠡ
ᠡᠩᠬᠦᠷᠡᠢ ᠴᠢᠮ᠎ᠠ ᠶ᠋ᠢ ᠪᠡᠨ ᠬᠠᠶ᠋ᠢᠷᠠᠯᠠᠵᠤ ᠤᠰᠤᠨ ᠳᠠᠯᠠᠢ ᠳ᠋ᠤ᠌ ᠬᠥᠪᠦᠶ᠎ᠡ
ᠡᠬᠡ ᠨᠤᠲᠤᠭ ᠢ᠋ᠶ᠋ᠠᠷ ᠢ᠋ᠶ᠋ᠠᠨ ᠠᠶᠠᠯᠠᠵᠤ ᠠᠭᠤᠵᠢᠮ ᠬᠣᠯᠠ ᠶ᠋ᠢ ᠳᠣᠭᠣᠯᠤᠶ᠎ᠠ
ᠡᠷᠬᠡᠰ ᠭᠠᠷᠠᠭ ᠢ᠋ᠶ᠋ᠠᠨ ᠳᠠᠭᠤᠯᠠᠵᠤ ᠠᠭᠤᠳᠠᠮ ᠣᠷᠴᠢᠯᠠᠩ ᠊ᠢ ᠠᠷᠢᠭᠤᠰᠬᠠᠶ᠎ᠠ
ᠨᠠᠰᠤᠨ ᠤ᠋ ᠨᠠᠷᠠ ᠮᠢᠨᠢ ᠪᠠᠶ᠋ᠢᠵᠠᠨᠠᠭᠠᠴᠢ ᠂ ᠨᠠᠮ᠎ᠠ ᠶ᠋ᠢ ᠵᠢᠭᠠᠬᠠᠨ ᠬᠦᠯᠢᠶᠡᠭᠡᠴᠢ
ᠢᠷᠭᠤᠢ ᠨᠢᠳᠦᠯᠡᠬᠦ ᠴᠠᠭ ᠢ᠋ᠶ᠋ᠠᠷ ᠢ᠋ᠶ᠋ᠠᠨ ᠬᠠᠪᠤᠷ ᠢ᠋ᠶ᠋ᠠᠷ ᠳᠠᠭᠤᠤ ᠪᠠᠨ ᠳᠠᠭᠤᠯᠠᠶ᠎ᠠ
ᠶᠠᠭᠠᠬᠠᠨ ᠬᠥᠭᠡᠷᠦᠬᠦᠨ ᠴᠡᠴᠡᠭᠡᠰ ᠊ᠢ ᠦᠷ ᠢ᠋ᠶ᠋ᠡᠷ ᠳᠡᠯᠪᠡᠭᠡᠯᠡᠬᠦ ᠶ᠋ᠢ ᠬᠠᠷᠠᠶ᠎ᠠ
ᠢᠷᠠᠭᠤ ᠰᠠᠢᠬᠠᠨ ᠬᠥᠭᠵᠢᠮ ᠦ᠋ᠨ ᠲᠦᠮᠡᠨ ᠠᠪᠢᠶ᠎ᠠ ᠶ᠋ᠢ ᠰᠣᠨᠣᠰᠤᠶ᠎ᠠ 

ᠢᠯᠭᠤᠮ ᠶᠡᠬᠡ ᠠᠶᠠᠯᠭᠤ ᠶ᠋ᠢ ᠠᠷᠠᠳ ᠲᠦᠮᠡᠨ ᠳ᠋ᠦ᠍ ᠪᠡᠨ ᠳᠠᠭᠤᠯᠠᠶ᠎ᠠ
ᠨᠠᠰᠤᠨ ᠤ᠋ ᠨᠠᠷᠠ ᠮᠢᠨᠢ ᠪᠠᠶ᠋ᠢᠵᠠᠨᠠᠭᠠᠴᠢ ᠂ ᠨᠠᠮ᠎ᠠ ᠶ᠋ᠢ ᠵᠢᠭᠠᠬᠠᠨ ᠬᠦᠯᠢᠶᠡᠭᠡᠴᠢ
ᠲᠤᠭᠤᠯᠬᠤ ᠵᠠᠮ ᠤ᠋ᠨ ᠤᠷᠲᠤ ᠳ᠋ᠤ᠌ ᠬᠥᠯ ᠮᠢᠨᠢ ᠴᠤᠴᠠᠬᠤ ᠦᠶ᠎ᠡ ᠳ᠋ᠦ᠍ ᠪᠡᠨ
ᠲᠤᠵᠢ ᠳ᠋ᠤ᠌ ᠪᠠᠨ ᠬᠠᠮᠲᠤ ᠵᠢᠷᠭᠠᠭᠰᠠᠨ ᠬᠠᠨᠢ ᠶ᠋ᠢᠨ ᠲᠦᠰᠢᠭ ᠢ᠋ᠶ᠋ᠡᠨ ᠪᠣᠳᠣᠬᠤ ᠶᠤᠮ
ᠲᠤᠯᠭᠠᠨ ᠤ᠋ ᠭᠠᠯ ᠢ᠋ᠶ᠋ᠠᠨ ᠲᠣᠭᠣᠷᠢᠨ ᠥᠰᠴᠦ ᠲᠣᠷᠨᠢᠭᠰᠠᠨ ᠪᠣᠯᠬᠣᠷ
ᠲᠤᠩ ᠴᠤ᠌ ᠶᠡᠬᠡ ᠠᠮᠢᠳᠤᠷᠠᠯ ᠤ᠋ᠨ ᠲᠦᠮᠡᠨ ᠨᠤᠭᠤᠴᠠᠭᠠᠨ ᠳ᠋ᠤ᠌ ᠵᠢᠷᠭᠠᠭᠰᠠᠨ
ᠨᠠᠰᠤᠨ ᠤ᠋ ᠨᠠᠷᠠ ᠮᠢᠨᠢ ᠪᠠᠶ᠋ᠢᠵᠠᠨᠠᠭᠠᠴᠢ ᠂ ᠨᠠᠮ᠎ᠠ ᠶ᠋ᠢ ᠵᠢᠭᠠᠬᠠᠨ ᠬᠦᠯᠢᠶᠡᠭᠡᠴᠢ
ᠠᠯᠠᠭ ᠬᠣᠷᠸ᠋᠎ᠠ ᠳ᠋ᠤ᠌ ᠮᠡᠨᠳᠦᠯᠡᠵᠦ ᠬᠥᠮᠦᠨ ᠪᠣᠯᠤᠭᠰᠠᠨ ᠤ᠋ ᠬᠤᠪᠢ ᠳ᠋ᠤ᠌ ᠪᠠᠨ
ᠠᠪᠤ ᠡᠵᠢ ᠶ᠋ᠢᠨ ᠵᠠᠬᠢᠶᠠᠰᠤ ᠶ᠋ᠢ ᠰᠠᠨᠠᠵᠤ ᠶᠠᠪᠤᠭᠠᠷᠠᠢ ᠦᠷᠡᠰ ᠮᠢᠨᠢ
ᠠᠩᠭᠢᠷᠬᠠᠨ ᠬᠡᠳᠦᠨ ᠠᠴᠢ ᠶ᠋ᠢᠨ ᠢ᠋ᠶ᠋ᠡᠨ ᠬᠥᠯ ᠰᠢᠷᠣᠶ᠋ᠢᠲᠠᠬᠤ ᠶ᠋ᠢ ᠦᠵᠡᠶ᠎ᠡ
ᠠᠮᠢᠳᠤᠷᠠᠯ ᠬᠠᠶ᠋ᠢᠷᠠᠯᠠᠲᠠᠭ ᠵᠢᠷᠦᠬᠡ ᠪᠡᠷ ᠢ᠋ᠶ᠋ᠡᠨ ᠬᠥᠮᠦᠨ ᠦ᠌ ᠣᠷᠴᠢᠯᠠᠩ ᠊ᠢ ᠳᠠᠭᠤᠯᠠᠶ᠎ᠠ
ᠨᠠᠰᠤᠨ ᠤ᠋ ᠨᠠᠷᠠ ᠮᠢᠨᠢ ᠪᠠᠶ᠋ᠢᠵᠠᠨᠠᠭᠠᠴᠢ ᠂ ᠨᠠᠮ᠎ᠠ ᠶ᠋ᠢ ᠵᠢᠭᠠᠬᠠᠨ ᠬᠦᠯᠢᠶᠡᠭᠡᠴᠢ


   ᠦᠰᠦᠭ ᠠᠮᠢᠯᠠᠭᠤᠯᠤᠭᠰᠠᠨ ᠨᠢ ᠄ ᠰᠡᠷᠭᠦᠯᠡᠩ
   ᠦᠰᠦᠭ ᠬᠠᠲᠠᠭᠰᠠᠨ ᠨᠢ ᠄ ᠰᠡᠷᠭᠦᠯᠡᠩ
   ᠬᠢᠨᠠᠭᠴᠢ ᠄ ᠪᠠᠶᠠᠷᠴᠡᠴᠡᠭ ᠂ ᠮᠥᠴᠢᠷ ᠂ ᠢᠷᠡᠭᠡᠳᠦᠢ