ᠬᠣᠯᠪᠣᠬ᠋᠎ᠠ ᠬᠣᠶᠠᠷ ᠬᠠᠶ᠋ᠢᠷᠬᠠᠨ – ᠦᠭᠡ ᠄ ᠭᠠ‍ · ᠪᠠᠷᠬ᠎ᠡ ᠂ ᠠᠶ᠎ᠠ ᠄ ᠳᠣᠨᠳᠣᠪ Холбоо хоёр хайрхан – Үг ᠄ га · бархаа ᠂ Ая ᠄ Дондов ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠣᠯᠪᠣᠬ᠋᠎ᠠ ᠬᠣᠶᠠᠷ ᠬᠠᠶ᠋ᠢᠷᠬᠠᠨ – ᠦᠭᠡ ᠄ ᠭᠠ‍ · ᠪᠠᠷᠬ᠎ᠡ ᠂ ᠠᠶ᠎ᠠ ᠄ ᠳᠣᠨᠳᠣᠪ Холбоо хоёр хайрхан – Үг ᠄ га · бархаа ᠂ Ая ᠄ Дондов

ᠬᠣᠯᠪᠣᠬ᠋᠎ᠠ ᠬᠣᠶᠠᠷ ᠬᠠᠶ᠋ᠢᠷᠬᠠᠨ – ᠦᠭᠡ ᠄ ᠭᠠ‍ · ᠪᠠᠷᠬ᠎ᠡ ᠂ ᠠᠶ᠎ᠠ ᠄ ᠳᠣᠨᠳᠣᠪ Холбоо хоёр хайрхан – Үг ᠄ га · бархаа ᠂ Ая ᠄ Дондов

ᠠᠩᠭᠢᠯᠠᠯ:ᠳᠠᠭᠤᠤ ᠬᠥᠭᠵᠢᠮ
2023-04-09

330

ᠬᠣᠯᠪᠣᠬ᠋᠎ᠠ ᠬᠣᠶᠠᠷ ᠬᠠᠶ᠋ᠢᠷᠬᠠᠨ


                         ᠦᠭᠡ ᠄ ᠭᠠ‍ · ᠪᠠᠷᠬ᠎ᠡ 
                 ᠠᠶ᠎ᠠ ᠄ ᠳᠣᠨᠳᠤᠪ 

ᠦᠷ᠎ᠡ ᠨᠠᠮᠠᠶ᠋ᠢ ᠪᠠᠨ ᠥᠰᠬᠡᠬᠦ ᠪᠡᠷ
ᠦᠷᠴᠢᠯᠡᠭᠡ ᠰᠠᠭᠤᠲᠠᠯ᠎ᠠ ᠪᠠᠨ ᠵᠢᠳᠬᠦᠭᠰᠡᠨ
ᠥᠨᠢᠷ ᠪᠠᠶᠠᠨ ᠠᠮᠢᠲᠤᠷᠠᠭᠤᠯᠬᠤ ᠪᠠᠷ
ᠦᠰᠦ ᠪᠡᠨ ᠴᠠᠶ᠋ᠢᠲᠠᠯ᠎ᠠ ᠮᠡᠷᠡᠢᠭᠰᠡᠨ
    ᠠᠪᠤ ᠯᠡ ᠡᠵᠢ ᠬᠣᠶᠠᠷ ᠮᠢᠨᠢ
    ᠠᠮᠠᠷᠠᠭ ᠦᠷ᠎ᠡ ᠳ᠋ᠡᠭᠡᠨ ᠲᠩᠷᠢ
    ᠠᠴᠢᠯᠠᠯ ᠬᠠᠶ᠋ᠢᠷ᠎ᠠ ᠶ᠋ᠢᠨ ᠳᠠᠯᠠᠢ ᠪᠠᠶ᠋ᠢᠨ᠎ᠠ ᠂
    ᠠᠴᠢᠯᠠᠯ ᠬᠠᠶ᠋ᠢᠷ᠎ᠠ ᠶ᠋ᠢᠨ ᠳᠠᠯᠠᠢ ᠪᠠᠶ᠋ᠢᠨ᠎ᠠ        
           
ᠵᠤᠨ ᠪ ᠠᠮᠠᠷᠠᠯᠲᠠ ᠪᠠᠷ ᠢᠷᠡᠨ᠎ᠡ ᠭᠡᠳ
ᠬᠤᠷᠤᠳ ᠥᠷᠥᠮ᠎ᠡ ᠪᠡᠨ ᠵᠡᠬᠡᠭᠡ ᠪᠠᠶ᠋ᠢᠬ᠎ᠠ ᠂
ᠵᠤᠰᠠᠯᠠᠩ ᠦ᠋ᠨ ᠨᠠᠶ᠋ᠢᠷ ᠲᠤ ᠣᠴᠢᠭᠤᠯᠤᠨ᠎ᠠ ᠭᠡᠳ
ᠬᠤᠷᠲᠤᠨ ᠵᠡᠭᠡᠷᠲᠡ ᠪᠡᠨ ᠰᠣᠶ᠋ᠢᠬ᠋᠎ᠠ ᠪᠠᠶ᠋ᠢᠬ᠎ᠠ ᠃
            ᠳᠠᠬᠢᠯᠲᠠ


ᠬᠦᠦ ᠮᠢᠨᠢ ᠭᠡᠷᠯᠡᠬᠦ ᠴᠦ᠍ ᠮᠠᠭᠠᠳ ᠭᠡᠳ
ᠭᠡᠷ ᠶ᠋ᠢᠡᠨ ᠪᠦᠷᠢᠵᠦ ᠴᠦ᠍ ᠰᠠᠭᠤᠬ᠋᠎ᠠ ᠪᠠᠶ᠋ᠢᠬ᠎ᠠ ᠂
ᠬᠥᠮᠦᠨ ᠪ ᠵᠡᠷᠭᠡ ᠲᠡᠢ ᠶᠠᠪᠤᠭᠠᠰᠠᠢ ᠭᠡᠳ
ᠬᠦᠰᠡᠯ ᠪᠣᠲᠣᠯ ᠳ᠋ᠠᠭᠠᠨ ᠳᠠᠭᠠᠳᠬᠠᠬ᠋᠎ᠠ ᠪᠠᠶ᠋ᠢᠬ᠎ᠠ ᠃
          ᠳᠠᠬᠢᠯᠲᠠ

ᠬᠣᠯᠠ ᠶ᠋ᠢᠨ ᠬᠣᠯᠠ ᠠ᠋ᠴᠠ  ᠴᠡᠩᠬᠡᠷᠯᠡᠭᠰᠡᠨ
ᠬᠣᠯᠪᠣᠬ᠋᠎ᠠ ᠬᠣᠶᠠᠷ ᠬᠠᠶ᠋ᠢᠷᠬᠠᠨ ᠳ᠋ᠠ !
ᠬᠦᠦ ᠶ᠋ᠢᠨ ᠰᠡᠤᠠᠬᠢᠯ  ᠳ᠋ᠤ᠌ ᠰᠥᠮᠪᠥᠷᠯᠡᠭᠰᠡᠨ
ᠬᠦᠨᠲᠦᠲᠡᠢ ᠬᠣᠶᠠᠷ ᠨᠠᠰᠤᠲᠠᠨ ᠳ᠋ᠠ !
          ᠳᠠᠬᠢᠯᠲᠠ

   ᠢᠷᠡᠯᠲᠡ ᠄
       《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
         ᠲᠣᠨᠲᠤᠪ ᠂ ᠲᠦᠭᠦᠷ ᠨᠠᠷ ᠵᠣᠬᠢᠶᠠᠪᠠ
         ᠷᠠᠪᠲᠠᠨ ᠠᠶ᠎ᠠ ᠶ᠋ᠢ ᠬᠢᠨᠠᠪᠠ 
         ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠪᠡ 
         ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠪᠡ
         ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
         1989 ᠣᠨ ᠪ8 ᠰᠠᠷ᠎ᠠ  ᠳ᠋ᠤ᠌ ᠠᠩᠬᠠᠲᠤᠭᠠᠷ ᠬᠡᠪ ᠊ᠢ ᠬᠢᠪᠡ
         1989 ᠣᠨ ᠪ9 ᠰᠠᠷ᠎ᠠ  ᠳ᠋ᠤ᠌ ᠠᠩᠬᠠᠲᠤᠭᠠᠷ ᠤᠲᠠᠬ᠋᠎ᠠ ᠬᠡᠪᠯᠡᠪᠡ ᠃

              ᠦᠰᠦᠭ ᠠᠮᠢᠯᠠᠭᠤᠯᠤᠭᠴᠢ ᠄   ᠤᠷᠠᠨᠴᠡᠴᠡᠭ
               ᠦᠰᠦᠭ ᠬᠢᠨᠠᠭᠴᠢ ᠄ ᠪᠠᠶᠠᠷᠴᠡᠴᠡᠭ
                 2023 ᠣᠨ ᠪ4 ᠰᠠᠷ᠎ᠠ ᠶ᠋ᠢᠨ 8 ᠪ ᠡᠲᠦᠷ