ᠰᠠᠶ᠋ᠢᠬᠠᠨ ᠳ᠋ᠠ – ᠦᠭᠡ ᠄ ᠴᠣ᠋ · ᠲᠤᠭᠤᠷᠵᠠᠪ ᠂ ᠠᠶ᠎ᠠ ᠄ ᠳᠣᠨᠳᠣᠪ Сайхан даа – Үг ᠄ Чо · Догоржав ᠂ Ая ᠄ Дондов ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠶ᠋ᠢᠬᠠᠨ ᠳ᠋ᠠ – ᠦᠭᠡ ᠄ ᠴᠣ᠋ · ᠲᠤᠭᠤᠷᠵᠠᠪ ᠂ ᠠᠶ᠎ᠠ ᠄ ᠳᠣᠨᠳᠣᠪ Сайхан даа – Үг ᠄ Чо · Догоржав ᠂ Ая ᠄ Дондов

ᠰᠠᠶ᠋ᠢᠬᠠᠨ ᠳ᠋ᠠ – ᠦᠭᠡ ᠄ ᠴᠣ᠋ · ᠲᠤᠭᠤᠷᠵᠠᠪ ᠂ ᠠᠶ᠎ᠠ ᠄ ᠳᠣᠨᠳᠣᠪ Сайхан даа – Үг ᠄ Чо · Догоржав ᠂ Ая ᠄ Дондов

ᠠᠩᠭᠢᠯᠠᠯ:ᠳᠠᠭᠤᠤ ᠬᠥᠭᠵᠢᠮ
2023-04-09

276

ᠰᠠᠶ᠋ᠢᠬᠠᠨ ᠳ᠋ᠠ


        ᠦᠭᠡ ᠄ ᠴᠣ᠋ · ᠲᠤᠭᠤᠷᠵᠠᠪ
         ᠠᠶ᠎ᠠ ᠄ ᠲᠤᠨᠲᠤᠪ  

 ᠠᠯᠲᠠᠨ ᠨᠠᠷᠠᠨ ᠪ ᠲᠤᠶᠠᠭᠠᠨ  ᠳ᠋ᠤ᠌ 
 ᠠᠯᠲᠠᠯᠠᠨ ᠰᠤᠨᠤᠭᠰᠠᠨ ᠲᠠᠯ᠎ᠠ ᠳ᠋ᠠᠭᠠᠨ
 ᠠᠷᠲᠠᠭ ᠮᠣᠷᠢ ᠪᠠᠨ ᠡᠮᠡᠭᠡᠯᠯᠡᠭᠡᠳ
 ᠠᠶᠠᠯᠭᠤᠯᠠᠨ ᠳᠠᠪᠬᠢᠬᠤ ᠰᠠᠶ᠋ᠢᠬᠠᠨ ᠳ᠋ᠠ
     ᠡᠨᠡ ᠪᠣᠯ ᠮᠢᠨᠦ ᠬᠡᠶ᠋ᠢᠮᠣᠷᠢ
     ᠡᠭᠦᠯᠡᠨ  ᠬᠥᠯᠥᠭ ᠦ᠋ᠨ ᠬᠠᠷᠠᠶ᠋ᠢᠯᠲᠠ ᠃

 ᠳᠠᠰᠤᠭᠰᠠᠨ ᠰᠡᠤᠠᠬᠢᠯ ᠦ᠋ᠨ ᠬᠠᠶ᠋ᠢᠷ᠎ᠠ ᠪᠠᠷ
 ᠳᠠᠩᠴᠢ ᠯᠡ ᠭᠣᠶᠣᠬᠠᠨ ᠬᠠᠨᠢᠯᠠᠭᠰᠠᠨ ᠂
 ᠳᠣᠲᠣᠨᠣ ᠶ᠋ᠢᠨ ᠠᠮᠠᠷᠠᠭ ᠪᠦᠰᠡᠭᠦᠢ ᠲᠡᠢ ᠪᠡᠨ
 ᠲᠤᠨᠢᠭᠠᠷᠬᠠᠨ ᠠᠮᠢᠲᠤᠷᠠᠬᠤ ᠰᠠᠶ᠋ᠢᠬᠠᠨ ᠳ᠋ᠠ ᠃
     ᠡᠨᠡ ᠪᠣᠯ ᠮᠢᠨᠦ ᠵᠢᠷᠭᠠᠯ ᠂ 
     ᠡᠷᠬᠡ ᠲᠡᠨᠢᠭᠦᠨ ᠴᠡᠩᠭᠡᠯᠲᠠ ᠃

 ᠪᠠᠶ᠋ᠢᠲᠠᠭ ᠰᠠᠶ᠋ᠢᠬᠠᠨ ᠡᠷᠲᠡᠨᠢ ᠨᠤᠭᠦᠳ ᠊ᠢ 
 ᠪᠠᠭᠲᠠᠭᠠᠵᠤ ᠬᠠᠲᠠᠭᠠᠯᠠᠭᠰᠠᠨ ᠣᠷᠣᠨ ᠳ᠋ᠠᠭᠠᠨ ᠂
 ᠪᠠᠨᠢᠭᠠᠨ ᠲᠡᠢ ᠡᠵᠡᠨ ᠨᠢ ᠭᠡᠭᠳᠡᠭᠡᠳ 
 ᠪᠠᠶᠠᠰᠤᠯᠴᠠᠨ ᠠᠵᠢᠯᠯᠠᠬᠤ ᠰᠠᠶ᠋ᠢᠬᠠᠨ ᠳ᠋ᠠ ᠃
     ᠡᠨᠡ ᠪᠣᠯ  ᠮᠢᠨᠦ ᠣᠮᠣᠭᠰᠢᠯ 
     ᠢᠲᠡᠷᠡᠭᠦᠨ ᠬᠦᠴᠦᠨ ᠪ ᠣᠨᠲᠣᠷᠤᠯᠲᠠ᠃

 ᠡᠮᠨᠢᠭ ᠴᠢᠬᠢᠳᠦᠭᠰᠡᠨ ᠭᠠᠷ ᠶ᠋ᠢᠠᠷ ᠶ᠋ᠢᠠᠨ
 ᠡᠷᠲᠡᠮ ᠦ᠋ᠨ ᠵᠢᠯᠣᠭᠣ ᠶ᠋ᠢ ᠠᠤᠠᠬᠤᠭᠠᠳ ᠂ 
 ᠡᠩ ᠦᠭᠡᠢ ᠲᠣᠷᠭᠠᠨ ᠨᠤᠲᠤᠭ ᠶ᠋ᠢᠠᠨ 
 ᠡᠭᠡᠨᠡᠭᠲᠡ ᠴᠣᠭᠴᠠᠯᠠᠬᠤ ᠰᠠᠶ᠋ᠢᠬᠠᠨ ᠳ᠋ᠠ ᠃
     ᠡᠨᠡ ᠪᠣᠯ ᠮᠢᠨᠦ ᠬᠦᠰᠡᠯ ᠂ 
     ᠢᠲᠡᠭᠡᠯ ᠪᠠᠷᠲᠠᠮ ᠵᠣᠷᠢᠯᠲᠠ  ᠃
 
ᠢᠷᠡᠯᠲᠡ ᠄
       《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
         ᠲᠣᠨᠲᠤᠪ ᠂ ᠲᠦᠭᠦᠷ ᠨᠠᠷ ᠵᠣᠬᠢᠶᠠᠪᠠ
         ᠷᠠᠪᠲᠠᠨ ᠠᠶ᠎ᠠ ᠶ᠋ᠢ ᠬᠢᠨᠠᠪᠠ 
         ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠪᠡ 
         ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠪᠡ
         ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
         1989 ᠣᠨ ᠪ8 ᠰᠠᠷ᠎ᠠ  ᠳ᠋ᠤ᠌ ᠠᠩᠬᠠᠲᠤᠭᠠᠷ ᠬᠡᠪ ᠊ᠢ ᠬᠢᠪᠡ
         1989 ᠣᠨ ᠪ9 ᠰᠠᠷ᠎ᠠ  ᠳ᠋ᠤ᠌ ᠠᠩᠬᠠᠲᠤᠭᠠᠷ ᠤᠲᠠᠬ᠋᠎ᠠ ᠬᠡᠪᠯᠡᠪᠡ ᠃

              ᠦᠰᠦᠭ ᠠᠮᠢᠯᠠᠭᠤᠯᠤᠭᠴᠢ ᠄  ᠳᠠᠰᠢᠮ᠎ᠠ
               ᠦᠰᠦᠭ ᠬᠢᠨᠠᠭᠴᠢ ᠄ ᠪᠠᠶᠠᠷᠴᠡᠴᠡᠭ
                 2023 ᠣᠨ ᠪ 4 ᠰᠠᠷ᠎ᠠ ᠶ᠋ᠢᠨ 8 ᠪ ᠡᠲᠦᠷ