ᠢᠨᠠᠭ ᠠ᠋ᠴᠠ ᠢᠷᠡᠭᠰᠡᠨ ᠵᠠᠬᠢᠲᠠᠯ – ᠦᠭᠡ ᠄ ᠠ · ᠤᠷᠲᠤᠨᠠᠰᠤᠨ ᠂ ᠠᠶ᠎ᠠ ᠄ ᠳᠣᠨᠳᠣᠪ Янагаас ирсэн захидал – Үг ᠄ А · Уртнасан ᠂ Ая ᠄ Дондов
ᠢᠨᠠᠭ ᠠ᠋ᠴᠠ ᠢᠷᠡᠭᠰᠡᠨ ᠵᠠᠬᠢᠲᠠᠯ
ᠦᠭᠡ ᠄ ᠠ · ᠤᠷᠲᠤᠨᠠᠰᠤᠨ
ᠠᠶ᠎ᠠ ᠄ ᠳᠣᠨᠳᠣᠪ
ᠡᠮᠡᠭᠡᠯᠲᠦ ᠮᠣᠷᠢ ᠴᠢᠨᠢ ᠤᠶᠠᠭᠠᠨ ᠳ᠋ᠠᠭᠠᠨ ᠡᠷᠭᠢᠯᠲᠦᠨ ᠦᠤᠷᠰᠡᠬᠦ ᠳ᠋ᠤ᠌
ᠵᠠᠮ ᠦ᠋ᠨ ᠴᠢᠨᠢ ᠬᠣᠯᠠ ᠶ᠋ᠢ ᠰᠡᠷᠡᠵᠦ ᠮᠡᠲᠡᠯᠡ ᠪᠢ ᠂
ᠡᠷ᠎ᠡ ᠬᠥᠮᠦᠨ ᠪ ᠪᠣᠲᠣᠯᠬ᠋ᠠ ᠶ᠋ᠢ ᠲᠤᠱᠠᠵᠤ ᠴᠢᠲᠠᠲᠠᠭ ᠦᠭᠡᠢ ᠪᠣᠯᠬᠣᠷ
ᠳᠥᠷᠥᠭᠡ ᠵᠢᠭᠢᠯᠭᠡᠨ ᠥᠨᠲᠡᠶ᠋ᠢᠯᠭᠡᠬᠦ ᠪᠠᠶ᠋ᠢᠯᠭᠦᠢ ᠳ᠋ᠡ ᠃
ᠡᠬᠡ ᠣᠷᠣᠨ ᠪ ᠠᠭᠤᠲᠠᠮ ᠨᠤᠲᠤᠭ ᠳᠡᠪᠢᠰᠭᠡᠷ ᠭᠡᠭᠴᠢ
ᠡᠷ᠎ᠡ ᠴᠡᠷᠢᠭ ᠦ᠋ᠨ ᠠᠯᠲᠠᠨ ᠰᠠᠶ᠋ᠢᠬᠠᠨ ᠥᠯᠥᠭᠡᠢ ᠶᠤᠮ ᠳ᠋ᠠ ᠂
ᠡᠷᠬᠡ ᠴᠢᠯᠥᠭᠡ ᠠᠵᠤ ᠠᠮᠢᠲᠤᠷᠠᠯ ᠶ᠋ᠢᠠᠨ ᠪᠠᠲᠤᠯᠠᠨ ᠬᠠᠮᠠᠭᠠᠯᠠᠬᠤ ᠳ᠋ᠤ᠌
ᠠᠭᠲᠠ ᠶ᠋ᠢᠨ ᠲᠤᠭᠤᠷᠠᠢ ᠡᠩᠲᠡᠭᠦᠤ ᠦᠭᠡᠢ ᠳᠠᠪᠬᠢᠭᠠᠷᠠᠢ ᠳ᠋ᠠ ᠃
ᠡᠭᠡᠮ ᠡᠭᠡᠮ ᠶ᠋ᠢᠡᠨ ᠲᠦᠰᠢᠯᠴᠡᠨ ᠬᠣᠨᠢ ᠪᠠᠨ ᠮᠠᠨᠠᠬᠤ ᠳ᠋ᠠᠭᠠᠨ ᠲᠣᠭᠲᠠᠭᠰᠠ
ᠡᠷᠦᠬᠡ ᠪᠡᠨ ᠲᠠᠲᠠᠭᠤᠯᠬᠤ ᠪᠣᠯᠵᠣᠬ᠋᠎ᠠ ᠪᠠᠶ᠋ᠢᠬᠰᠠᠨ ᠪᠠ ᠂
ᠡᠴᠡᠰᠢ ᠦᠭᠡᠢ ᠣᠶᠤᠨ ᠴᠢᠲᠠᠯ ᠶ᠋ᠢᠠᠷ ᠬᠥᠮᠦᠨ ᠪ ᠰᠣᠷ ᠪᠣᠯᠤᠭᠰᠠᠨ ᠴᠢᠮ᠎ᠠ ᠳ᠋ᠠᠭᠠᠨ
ᠡᠪᠲᠡᠷᠡᠰᠢ ᠦᠭᠡᠢ ᠠᠷᠢᠭᠤᠨ ᠵᠢᠷᠤᠮ ᠶ᠋ᠢᠠᠨ ᠪᠢ ᠠᠮᠠᠯᠠᠵᠤ ᠪᠠᠶ᠋ᠢᠨ᠎ᠠ ᠃
ᠡᠩᠬᠡ ᠲᠠᠶ᠋ᠢᠪᠤᠩ ᠦ᠋ᠨ ᠮᠠᠨᠠᠭᠠᠨ ᠳ᠋ᠤ᠌ ᠵᠣᠭᠰᠣᠬ᠋ᠠ ᠠᠨᠲᠠ ᠴᠢᠮᠠᠢ᠍ᠢ ᠪᠠᠨ
ᠡᠲᠦᠷ ᠰᠥᠨᠢ ᠦᠭᠡᠢ ᠮᠥᠷᠥᠭᠡᠲᠦᠨ ᠰᠠᠨᠠᠬᠤ ᠨᠢ ᠵᠢᠷᠭᠠᠯ ᠶᠤᠮ ᠳ᠋ᠠ ᠂
ᠡᠭᠡᠰᠢᠭ ᠳᠠᠭᠤᠤ ᠪᠠᠨ ᠬᠠᠩᠭᠢᠨᠠᠭᠤᠯᠤᠭᠰᠠᠨ ᠴᠡᠷᠢᠭ ᠦ᠋ᠨ ᠵᠢᠬᠰᠠᠭᠠᠯ ᠳ᠋ᠠᠭᠠᠨ
ᠣᠲᠣᠨ ᠭᠠᠪᠢᠶ᠎ᠠ ᠪᠠᠨ ᠭᠢᠯᠠᠯᠵᠠᠭᠤᠯᠵᠤ ᠶᠠᠪᠤᠭᠠᠷᠠᠢ ᠳ᠋ᠠ ᠃
ᠢᠷᠡᠯᠲᠡ ᠄
《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
ᠲᠣᠨᠲᠤᠪ ᠂ ᠲᠦᠭᠦᠷ ᠨᠠᠷ ᠵᠣᠬᠢᠶᠠᠪᠠ
ᠷᠠᠪᠲᠠᠨ ᠠᠶ᠎ᠠ ᠶ᠋ᠢ ᠬᠢᠨᠠᠪᠠ
ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠪᠡ
ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠪᠡ
ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
1989 ᠣᠨ ᠪ8 ᠰᠠᠷ᠎ᠠ ᠳ᠋ᠤ᠌ ᠠᠩᠬᠠᠲᠤᠭᠠᠷ ᠬᠡᠪ ᠊ᠢ ᠬᠢᠪᠡ
1989 ᠣᠨ ᠪ9 ᠰᠠᠷ᠎ᠠ ᠳ᠋ᠤ᠌ ᠠᠩᠬᠠᠲᠤᠭᠠᠷ ᠤᠲᠠᠬ᠋᠎ᠠ ᠬᠡᠪᠯᠡᠪᠡ ᠃
ᠦᠰᠦᠭ ᠠᠮᠢᠯᠠᠭᠤᠯᠤᠭᠴᠢ ᠄ ᠪᠠᠶᠠᠷᠴᠡᠴᠡᠭ
20230408
