ᠮᠣᠩᠭᠣᠯ ᠣᠨᠢᠰᠤᠭ᠎ᠠ ᠶᠢᠨ ᠲᠡᠭᠦᠪᠦᠷᠢ – ᠬᠣᠶᠠᠳᠤᠭᠠᠷ ᠪᠦᠯᠦᠭ –10 Монгол оньсгын түүвэр –Хоёрдугаар бүлэг– 10
ᠬᠣᠶᠠᠳᠤᠭᠠᠷ ᠪᠦᠯᠦᠭ – ᠠᠷᠠᠳ ᠦ᠋ᠨ ᠠᠮᠠ ᠪᠠᠷ ᠵᠣᠬᠢᠶᠠᠭᠲᠠᠭᠰᠠᠨ ᠣᠨᠢᠰᠣᠬ᠋᠎ᠠ
ᠦᠬᠡᠷ ᠠᠲᠤᠭᠤ ᠲᠡᠵᠢᠭᠡᠪᠦᠷᠢ ᠶ᠋ᠢᠨ ᠵᠦᠢᠯ
ᠮᠢᠬᠠᠨ ᠤᠯᠠᠬ᠋ᠠ ᠲᠠᠢ
ᠮᠣᠲᠣᠨ ᠳᠠᠪᠠᠬ᠋ᠠ ᠲᠠᠢ
ᠲᠡᠮᠦᠷ ᠱᠠᠲᠤ ᠲᠠᠢ
ᠤᠩᠭᠠᠰᠤᠨ ᠣᠭᠣᠰᠣᠷ ᠲᠠᠢ
( ᠡᠮᠡᠭᠡᠯ ᠲᠡᠢ ᠮᠣᠷᠢ )
ᠬᠡᠵᠢᠶ᠎ᠡ ᠬᠠᠷᠢᠶ᠎ᠠ ᠭᠡᠪᠡᠯ
ᠬᠡᠷᠦᠯᠦᠨ ᠣᠷᠣᠨ᠎ᠠ
ᠣᠲᠣ ᠬᠠᠷᠢᠶ᠎ᠠ ᠭᠡᠪᠡᠯ
ᠣᠨᠣᠨ ᠣᠷᠣᠨ᠎ᠠ
ᠭᠡᠲᠡᠯ᠎ᠡ ᠭᠤᠷᠪᠠᠨ ᠴᠢᠤᠠᠬᠥᠷ
ᠲᠠᠮᠰᠠᠭᠯᠠᠭᠠᠳ ᠶᠠᠪᠤᠭᠤᠯᠲᠠᠭ ᠦᠭᠡᠢ
( ᠴᠢᠲᠥᠷ ᠲᠡᠢ ᠮᠣᠷᠢ )
ᠵᠠᠮ ᠳᠡᠭᠡᠷ᠎ᠡ
ᠽᠠᠨᠲᠠᠨ ᠬᠤᠨᠲᠠᠬ᠋ᠠ
( ᠮᠣᠷᠢᠨ ᠮᠥᠷ )
ᠳᠡᠭᠡᠳᠦ ᠲᠢᠪ ᠦ᠋ᠨ
ᠳᠡᠷᠡᠰᠦ ᠰᠠᠶ᠋ᠢᠬᠠᠨ
ᠳᠡᠨᠵᠢ ᠶ᠋ᠢᠨ ᠨᠠᠭᠤᠷ ᠦ᠋ᠨ
ᠡᠪᠡᠰᠦ ᠰᠠᠶ᠋ᠢᠬᠠᠨ
( ᠮᠣᠷᠢᠨ ᠪ ᠳᠡᠯ ᠰᠡᠭᠦᠯ )
ᠡᠮᠦᠨ᠎ᠡ ᠭᠣᠣᠯ ᠦ᠋ᠨ ᠥᠯᠥᠩ ᠰᠠᠶ᠋ᠢᠬᠠᠨ
ᠬᠣᠶ᠋ᠢᠲᠤ ᠭᠣᠣᠯ ᠦ᠋ᠨ ᠡᠪᠡᠰᠦ ᠰᠠᠶ᠋ᠢᠬᠠᠨ
( ᠮᠣᠷᠢᠨ ᠪ ᠳᠡᠯ ᠰᠡᠭᠦᠯ )
ᠮᠢᠨᠲᠠᠭ ᠮᠢᠨᠲᠠᠭ ᠠᠯᠬᠤᠬ᠋ᠠ ᠲᠠᠢ
ᠮᠢᠩᠬ᠋᠎ᠠ ᠲᠦᠮᠡᠨ ᠠᠯᠬᠤᠬ᠋ᠠ ᠲᠠᠢ
( ᠮᠣᠷᠢᠨ ᠪ ᠰᠡᠭᠦᠯ )
ᠠᠭᠤᠯᠠᠨ ᠣᠷᠣᠢ ᠳᠡᠭᠡᠷ᠎ᠡ
ᠤᠤᠬᠠᠢ ᠲᠤᠤᠬᠠᠢ ᠬᠣᠶᠠᠷ
( ᠮᠣᠷᠢᠨ ᠴᠢᠬᠢ )
ᠨᠢᠭᠡ ᠠᠶ᠋ᠢᠯ ᠦ᠋ᠨ ᠳᠥᠷᠪᠡᠨ ᠬᠡᠦᠬᠡᠳ ᠦ᠋ᠨ
ᠭᠤᠷᠪᠠ ᠨᠢ ᠶᠡᠬᠡ ᠱᠣᠭᠣᠪᠲᠣᠷ
ᠨᠢᠭᠡ ᠨᠢ ᠶᠡᠬᠡ ᠡᠷᠬᠡ
( ᠴᠢᠲᠥᠷ ᠲᠡᠢ ᠮᠣᠷᠢᠨ ᠬᠥᠯ )
ᠮᠥᠴᠢ ᠳᠥᠴᠢ ᠭᠤᠷᠪᠠᠭᠤᠯᠠ
ᠮᠥᠩᠭᠥᠨ ᠲᠣᠪᠴᠢ ᠳᠥᠷᠪᠡᠭᠦᠯᠡ
( ᠮᠣᠷᠢᠨ ᠪ ᠬᠥᠯ ᠴᠢᠲᠥᠷ )
ᠠᠬ᠎ᠠ ᠳᠡᠭᠦᠦ ᠬᠣᠶᠠᠷ ᠨᠢᠭᠡ ᠨᠠᠰᠤ ᠪᠠᠷ ᠶ᠋ᠢᠠᠨ
ᠨᠢᠭᠤᠷ ᠨᠢᠭᠤᠷ ᠶ᠋ᠢᠠᠨ ᠦᠵᠡᠬᠦ ᠦᠭᠡᠢ
( ᠡᠮᠡᠭᠡᠯ ᠦ᠋ᠨ ᠪᠦᠭᠦᠷᠭᠡ )
ᠤᠰᠤ ᠮᠥᠰᠥ ᠪᠡᠷ ᠬᠦᠷᠬᠢᠷᠡᠭᠴᠢ
ᠤᠭᠤᠷᠠᠭ ᠲᠠᠷᠠᠭ ᠶ᠋ᠢᠠᠷ ᠴᠠᠷᠴᠠᠶ᠋ᠢᠬᠴᠢ ( ᠴᠠᠶ᠋ᠢᠷᠠᠭᠴᠢ )
( ᠣᠷᠣᠭᠰᠠᠨ ᠪᠤᠤᠷ᠎ᠠ )
ᠬᠣᠷᠣᠨ ᠰᠢᠭᠡᠰᠦ ᠲᠡᠢ
ᠬᠣᠷᠭᠣᠯ ᠦ᠋ᠨ ᠪᠠᠭᠠᠰᠤ ᠲᠠᠢ
ᠠᠭᠤᠢ ᠠᠮᠠ ᠲᠠᠢ
ᠠᠷᠰᠯᠠᠨ ᠬᠦᠴᠦ ᠲᠡᠢ
( ᠪᠤᠤᠷ᠎ᠠ )
ᠳᠥᠷᠪᠡᠨ ᠬᠥᠮᠦᠨ ᠰᠢᠪᠠᠷ ᠨᠤᠬᠤᠨ᠎ᠠ
ᠬᠣᠶᠠᠷ ᠬᠥᠮᠦᠨ ᠬᠣᠯᠠ ᠶ᠋ᠢᠨ ᠪᠠᠷ᠎ᠠ ᠬᠠᠷᠠᠨ᠎ᠠ
ᠨᠢᠭᠡ ᠬᠥᠮᠦᠨ ᠢᠯᠠᠬ᠋ᠠ ᠦᠷᠭᠦᠭᠡᠨ᠎ᠡ
ᠨᠢᠭᠡ ᠬᠥᠮᠦᠨ ᠡᠪᠡᠰᠦ ᠬᠠᠲᠤᠨᠠ
( ᠲᠡᠮᠡᠭᠡ )
ᠪᠤᠷᠭᠠᠰᠤ ᠶᠡᠬᠡᠲᠡᠢ ᠭᠣᠣᠯ ᠦ᠋ᠨ ᠲᠣᠬᠣᠢ
ᠪᠤᠲᠠ ᠳᠤᠭᠤᠶ᠋ᠢᠯᠠᠭᠰᠠᠨ ᠬᠣᠶᠠᠷ ᠬᠡᠦᠬᠡᠳ
ᠪᠠᠷᠰ ᠠᠲᠠᠯᠢ ᠳᠠᠭᠤ ᠭᠠᠷᠤᠨ᠎ᠠ
ᠪᠤᠴᠠᠭᠠᠳ ᠨᠠᠭᠠᠤᠠᠬᠤ ᠲᠠᠰᠢᠭᠤᠷ ᠲᠠᠢ
( ᠲᠡᠮᠡᠭᠡ)
ᠬᠠᠨᠲᠠᠭᠠᠷ ᠡᠪᠦᠭᠡᠨ ᠬᠠᠮᠬᠤᠤᠯ ᠬᠠᠮᠤᠵᠤ
ᠳᠦᠷᠪᠡᠨ ᠬᠦᠦ ᠨᠢ ᠰᠢᠪᠠᠷ ᠨᠤᠬᠤᠨ᠎ᠠ
ᠠᠬ᠎ᠠ ᠳᠡᠭᠦᠦ ᠬᠣᠶᠠᠷ ᠨᠢ ᠪᠠᠷ᠎ᠠ ᠬᠠᠷᠠᠵᠤ
ᠠᠷᠤ ᠶ᠋ᠢᠨ ᠬᠡᠦᠬᠡᠨ ᠭᠡᠵᠢᠭᠡ ᠪᠡᠨ ᠭᠤᠶᠠᠲᠠᠨᠠ
( ᠲᠡᠮᠡᠭᠡ)
ᠪᠤᠰᠤᠳ ᠊ᠢ ᠦᠵᠡᠳᠡᠭ ᠰᠢᠯ ᠪᠥᠮᠪᠥᠭᠡ
ᠪᠤᠲᠠᠷᠠᠲᠠᠯ᠎ᠠ ᠦᠯᠢᠶᠡᠬᠦ ᠲᠤᠯᠤᠮ ᠦ᠋ᠨ ᠬᠥᠭᠡᠷᠭᠡ
ᠪᠤᠷᠭᠠᠰᠤ ᠶᠡᠬᠡᠲᠡᠢ ᠭᠣᠣᠯ ᠦ᠋ᠨ ᠲᠣᠬᠣᠢ
ᠪᠤᠷᠵᠠᠭᠠᠷ ᠦᠰᠦᠲᠡᠢ ᠬᠣᠶᠠᠷ ᠬᠡᠦᠬᠡᠳ
ᠪᠣᠰᠴᠤ ᠬᠡᠪᠲᠡᠬᠦ ᠡᠭᠡᠮ ᠱᠠᠲᠤ
ᠪᠤᠯᠢᠭᠠᠷ ᠭᠡ ᠲᠡᠢ ᠳᠦᠷᠪᠡᠨ ᠳᠠᠷᠤᠭᠤᠯᠬ᠋ᠠ
ᠪᠠᠭᠤᠯᠭᠠᠨ ᠵᠠᠨᠴᠢᠬᠤ ᠮᠣᠷᠢᠨ ᠲᠠᠰᠢᠭᠤᠷ
( ᠲᠡᠮᠡᠭᠡ)
ᠳᠡᠭᠦᠦᠳᠡᠢ ᠳᠡᠭᠦᠦᠳᠡᠢ ᠳᠥᠷᠪᠡᠭᠦᠯᠡ ᠪᠡᠨ
ᠳᠦᠨᠵᠢᠨ ᠪᠢᠨᠵᠢᠨ ᠬᠣᠶᠠᠭᠤᠯᠠ ᠪᠠᠨ
ᠠᠷᠤ ᠶ᠋ᠢᠨ ᠬᠠᠲᠤᠨ ᠭᠠᠭᠴᠠᠭᠠᠷ ᠶ᠋ᠢᠠᠨ
ᠠᠯᠲᠠᠨ ᠬᠡᠦᠬᠡᠨ ᠬᠣᠶᠠᠭᠤᠯᠠ ᠪᠠᠨ
( ᠲᠡᠮᠡᠭᠡ)
ᠪᠤᠲᠠᠷᠭᠠᠵᠤ ᠦᠯᠢᠶᠡᠬᠦ ᠲᠤᠯᠤᠮ ᠦ᠋ᠨ ᠬᠥᠭᠡᠷᠭᠡ
ᠪᠤᠯᠲᠤ ᠶ᠋ᠢ ᠰᠢᠯᠭᠠᠬᠤ ᠰᠢᠯ ᠦ᠋ᠨ ᠬᠤᠨᠲᠠᠬ᠋ᠠ
ᠪᠤᠷᠭᠠᠰᠤ ᠶᠡᠬᠡᠲᠡᠢ ᠭᠣᠣᠯ ᠦ᠋ᠨ ᠲᠣᠬᠣᠢ
ᠪᠤᠲᠠᠨ ᠭᠡᠵᠢᠭᠡᠲᠦ ᠬᠣᠶᠠᠷ ᠬᠡᠦᠬᠡᠳ
ᠪᠢᠰᠢᠯᠠᠭ ᠦ᠋ᠨ ᠬᠡᠪ ᠲᠡᠢ ᠳᠦᠷᠪᠡᠨ ᠬᠠᠪᠲᠠᠭᠠᠢ
ᠪᠤᠴᠠᠵᠤ ᠲᠤᠰᠤᠭᠰᠠᠨ ᠨᠠᠭᠠᠲᠤᠮ ᠦ᠋ᠨ ᠲᠠᠰᠢᠭᠤᠷ
( ᠲᠡᠮᠡᠭᠡ)
ᠥᠩᠭᠡᠢᠭᠰᠡᠨ ᠥᠨᠲᠥᠷ ᠲᠤ
ᠥᠨᠥᠴᠢᠨ ᠬᠦᠦ
( ᠲᠡᠮᠡᠭᠡᠨ ᠪᠤᠶ᠋ᠢᠯᠠ)
ᠳᠥᠵᠢ ᠳᠥᠵᠢ ᠳᠥᠷᠪᠡᠭᠦᠯᠡ
ᠳᠥᠵᠢ ᠶ᠋ᠢᠨ ᠪᠠᠭᠠᠲᠤᠷ ᠬᠣᠶᠠᠭᠤᠯᠠ
ᠬᠠᠩᠭᠠᠢ ᠶ᠋ᠢᠨ ᠬᠥᠪᠡᠭᠦᠨ ᠭᠠᠭᠴᠠᠭᠠᠷ
ᠬᠠᠷᠲᠠᠭᠠᠷ ᠡᠪᠦᠭᠡᠨ ᠲᠦᠯᠡᠭᠡᠴᠢ
( ᠲᠡᠮᠡᠭᠡᠨ ᠬᠦᠯ ᠪᠦᠬᠦ ᠰᠡᠭᠦᠯ ᠲᠣᠯᠣᠭᠠᠢ)
ᠤᠭᠠᠯᠵᠠ ᠠᠭᠤᠯᠠ ᠶ᠋ᠢ
ᠤᠲᠠᠰᠤ ᠪᠠᠷ ᠬᠥᠲᠥᠯᠦᠨ᠎ᠡ
( ᠲᠡᠮᠡᠭᠡ)
ᠪᠠᠷᠰ ᠦ᠋ᠨ ᠳᠠᠭᠤ ᠲᠠᠢ
ᠠᠷᠰᠯᠠᠨ ᠪ ᠪᠡᠶ᠎ᠡ ᠲᠡᠢ
ᠭᠠᠩ ᠬᠣᠶᠠᠷ ᠰᠡᠷᠡᠭᠡ
ᠭᠠᠯᠵᠠᠭᠤ ᠨᠢᠭᠡ ᠲᠠᠰᠢᠭᠤᠷ ᠲᠠᠢ
( ᠲᠡᠮᠡᠭᠡ)
ᠥᠨᠲᠥᠷ ᠠᠭᠤᠯᠠ ᠶ᠋ᠢᠨ ᠣᠷᠣᠢ ᠳᠤ
ᠥᠨᠥᠴᠢᠨ ᠬᠣᠶᠠᠷ ᠪᠦᠷᠭᠦᠳ
( ᠲᠡᠮᠡᠭᠡᠨ ᠪᠦᠬᠦ)
ᠲᠠᠯ᠎ᠠ ᠳᠡᠭᠡᠷ᠎ᠡ
ᠲᠣᠷᠭᠠᠨ ᠬᠠᠪᠲᠠᠬ᠋ᠠ
ᠮᠠᠩᠬᠠᠨ ᠳᠡᠭᠡᠷ᠎ᠡ
ᠮᠢᠨᠲᠠᠰᠤᠨ ᠬᠠᠪᠲᠠᠬ᠋ᠠ
( ᠲᠡᠮᠡᠭᠡᠨ ᠮᠥᠷ)
ᠱᠣᠷᠣᠩ ᠦ᠋ᠨ ᠣᠷᠣᠢ ᠳᠡᠭᠡᠷ᠎ᠡ
ᠰᠢᠷᠣᠢ ᠲᠣᠭᠲᠠᠬᠤ ᠦᠭᠡᠢ
( ᠦᠬᠡᠷ ᠦ᠋ᠨ ᠡᠪᠡᠷ)
ᠴᠠᠭ ᠦ᠋ᠨ ᠠᠭᠤᠯᠠᠨ ᠳᠤ
ᠴᠠᠰᠤ ᠲᠣᠭᠲᠠᠬᠤ ᠦᠭᠡᠢ
( ᠦᠬᠡᠷ ᠦ᠋ᠨ ᠡᠪᠡᠷ)
ᠪᠦᠭᠳᠦᠷ ᠮᠣᠲᠣᠨ ᠳᠤ
ᠴᠠᠰᠤ ᠬᠠᠯᠲᠠᠬᠤ ᠦᠭᠡᠢ
( ᠦᠬᠡᠷ ᠦ᠋ᠨ ᠡᠪᠡᠷ)
ᠽᠠᠨᠲᠠᠨ ᠮᠣᠲᠣᠨ ᠳᠤ
ᠵᠢᠪᠡᠷ ᠲᠣᠭᠲᠠᠬᠤ ᠦᠭᠡᠢ
( ᠦᠬᠡᠷ ᠦ᠋ᠨ ᠡᠪᠡᠷ)
ᠬᠠᠷᠠᠬᠤ ᠳᠤ ᠬᠦᠢᠲᠡᠨ
ᠪᠠᠷᠢᠬᠤ ᠳᠤ ᠳᠤᠯᠠᠭᠠᠨ
( ᠦᠬᠡᠷ ᠦ᠋ᠨ ᠡᠪᠡᠷ)
ᠬᠣᠶᠠᠷ ᠨᠢ ᠳᠠᠬᠤ ᠲᠠᠢ
ᠬᠣᠶᠠᠷ ᠨᠢ ᠱᠠᠯᠲᠠᠩ
( ᠡᠪᠡᠷ ᠴᠢᠬᠢ)
ᠥᠨᠲᠥᠷ ᠠᠭᠤᠯᠠ ᠶ᠋ᠢᠨ ᠣᠷᠣᠢ ᠳᠡᠭᠡᠷ᠎ᠡ
ᠦᠶ᠎ᠡ ᠰᠠᠴᠠᠭᠤ ᠬᠣᠶᠠᠷ ᠢᠷᠭᠠᠢ
(ᠡᠪᠡᠷ)
ᠪᠤᠷᠬᠠᠨ ᠦᠭᠡᠢ ᠪᠣᠯᠪᠠᠴᠤ
ᠨᠠᠢ᠍ᠮᠠᠨ ᠰᠠᠶ᠋ᠢᠬᠠᠨ ᠲᠠᠬᠢᠯ ᠲᠠᠢ
ᠪᠠᠶ᠋ᠢᠯᠲᠤᠭᠠᠨ ᠦᠭᠡᠢ ᠪᠣᠯᠪᠠᠴᠤ
ᠬᠣᠶᠠᠷ ᠰᠠᠶ᠋ᠢᠬᠠᠨ ᠵᠢᠲᠠ ᠲᠠᠢ
ᠮᠣᠷᠢ ᠦᠭᠡᠢ ᠪᠣᠯᠪᠠᠴᠤ
ᠨᠢᠭᠡ ᠰᠠᠶ᠋ᠢᠬᠠᠨ ᠲᠠᠰᠢᠭᠤᠷ ᠲᠠᠢ
( ᠦᠬᠡᠷ ᠦ᠋ᠨ ᠬᠤᠬᠢᠰᠤ ᠡᠪᠡᠷ ᠰᠡᠭᠦᠯ)
ᠤᠷᠲᠤ ᠰᠠᠶ᠋ᠢᠬᠠᠨ ᠠᠪᠠᠬᠠᠢ ᠶ᠋ᠢᠨ ᠭᠡᠵᠢᠭᠡ
ᠣᠲᠤᠮ ᠰᠠᠶ᠋ᠢᠲᠤ ᠬᠣᠶᠠᠷ ᠪᠠᠭᠠᠲᠤᠷ
ᠤᠯᠠᠷᠢᠬᠤ ᠬᠥᠲᠡᠯᠬᠦ ᠳᠦᠷᠪᠡᠨ ᠲᠤᠯᠭᠠᠭᠤᠷᠢ
ᠤᠰᠤ ᠶ᠋ᠢ ᠰᠢᠷᠭᠢᠭᠡᠬᠦ ᠵᠠᠲᠠᠭᠠᠢ ᠬᠣᠪᠣᠭᠣ
ᠤᠯᠤᠰ ᠊ᠢ ᠲᠣᠲᠣᠯᠬᠤ ᠬᠣᠶᠠᠷ ᠬᠤᠨᠲᠠᠬ᠋ᠠ
( ᠦᠬᠡᠷ)
ᠨᠠᠢ᠍ᠮᠠᠨ ᠬᠠᠭᠠᠰ ᠠᠶᠠᠬ᠋᠎ᠠ ᠲᠠᠢ
ᠳᠦᠷᠪᠡᠨ ᠰᠠᠶ᠋ᠢᠬᠠᠨ ᠲᠤᠯᠭᠠᠭᠤᠷᠢ ᠲᠠᠢ
ᠤᠰᠤᠨ ᠬᠣᠶᠠᠷ ᠳ᠋ᠧᠩᠯᠦ ᠲᠡᠢ
ᠤᠷᠭᠤᠬ᠋ᠠ ᠬᠣᠶᠠᠷ ᠮᠣᠲᠣ ᠲᠠᠢ
ᠪᠠᠲᠠᠭᠠᠨ᠎ᠠ ᠦᠷᠭᠦᠭᠡᠬᠦ ᠬᠦᠪᠢᠭᠦᠷ ᠲᠡᠢ
ᠪᠠᠮᠪᠤ ᠲᠡᠵᠢᠭᠡᠬᠦ ᠪᠤᠲᠠᠬ᠋᠎ᠠ ᠲᠠᠢ
( ᠦᠬᠡᠷ)
ᠵᠠᠪᠠᠭ ᠲᠦ ᠽᠠᠨᠲᠠᠨ ᠪᠢᠯᠡᠭᠦᠦ
( ᠦᠬᠡᠷ ᠦ᠋ᠨ ᠬᠡᠯᠡ)
ᠬᠣᠶᠠᠷ ᠠᠶ᠋ᠢᠯ ᠨᠢᠭᠡ ᠰᠢᠯᠡᠭᠡᠪᠦᠷ ᠲᠡᠢ
( ᠦᠬᠡᠷ ᠦ᠋ᠨ ᠬᠡᠯᠡ)
ᠲᠠᠯ᠎ᠠ ᠳᠡᠭᠡᠷ᠎ᠡ ᠲᠠᠭᠱᠠ ᠠᠶᠠᠬ᠋᠎ᠠ
( ᠠᠷᠭᠠᠯ)
ᠵᠠᠮ ᠳᠡᠭᠡᠷ᠎ᠡ ᠽᠠᠠᠲᠠᠨ ᠠᠶᠠᠬ᠋᠎ᠠ
( ᠠᠷᠭᠠᠯ)
ᠲᠠᠯ᠎ᠠ ᠳᠡᠭᠡᠷ᠎ᠡ ᠲᠠᠭᠵᠠᠭᠠᠷ ᠬᠠᠪᠲᠠᠬ᠋ᠠ
( ᠠᠷᠭᠠᠯ)
ᠪᠦᠯᠲᠡᠶ᠋ᠢᠬᠦ ᠬᠣᠶᠠᠷ ᠨᠢᠲᠦ ᠪᠡᠨ
ᠴᠠᠪᠴᠢᠯ ᠦᠭᠡᠢ ᠭᠢᠯᠦᠶ᠋ᠢᠵᠦ
ᠪᠠᠶ᠋ᠢᠯᠲᠤᠬᠤ ᠬᠣᠶᠠᠷ ᠵᠢᠲᠠ ᠪᠠᠨ
ᠣᠷᠣᠢ ᠳᠡᠭᠡᠷ᠎ᠡ ᠪᠡᠨ ᠳᠠᠯᠠᠶ᠋ᠢᠵᠤ
ᠪᠠᠶ᠋ᠢᠲᠠᠭ ᠬᠦᠴᠦᠨ ᠴᠢᠲᠠᠯ ᠶ᠋ᠢᠠᠨ
ᠳᠠᠪᠤᠰᠠᠩ ᠳᠡᠭᠡᠷ᠎ᠡ ᠪᠠᠨ ᠴᠤᠭᠯᠠᠭᠤᠯᠵᠤ
ᠪᠠᠲᠤ ᠳᠥᠷᠪᠡᠨ ᠲᠤᠯᠭᠠᠭᠤᠷᠢ ᠪᠠᠷ ᠢᠶ᠋ᠠᠨ
ᠡᠪᠡᠰᠦ ᠰᠢᠷᠣᠢ ᠶ᠋ᠢ ᠪᠤᠲᠠᠷᠠᠭᠤᠯᠵᠤ
ᠪᠠᠶ᠋ᠢᠯᠳᠤᠭᠠᠨ ᠤ ᠭᠠᠵᠠᠷ
ᠪᠠᠷᠬᠢᠷᠠᠨ ᠵᠣᠭᠰᠣᠭᠴᠢ
( ᠬᠡᠷᠦᠭᠰᠡᠨ ᠪᠤᠬ᠎ᠠ )
ᠠᠯᠠᠭᠠᠨ ᠴᠢᠨᠡᠭᠡᠨ ᠠᠷᠠᠰᠤ
ᠠᠷᠤ ᠥᠪᠥᠷ ᠦᠭᠡᠢ ᠦᠰᠦ
( ᠮᠠᠯ ᠤᠨ ᠴᠢᠬᠢ )
ᠣᠶᠣᠳᠠᠯ ᠦᠭᠡᠢ ᠵᠡᠭᠦᠳᠡᠯ
( ᠮᠠᠯ ᠤᠨ ᠠᠯᠠᠭ ᠵᠢᠰᠦᠮ )
ᠥᠭᠡᠬᠦᠨ ᠪᠥᠮᠪᠥᠬᠡᠢ
ᠠᠷᠤᠭ ᠰᠡᠩᠰᠡᠭᠡᠢ ( ᠰᠡᠩᠰᠡ )
( ᠬᠣᠨᠢ )
ᠠᠷᠤ ᠶ᠋ᠢᠨ ᠳᠠᠯᠠᠢ ᠱᠤᠤᠭᠢᠵᠤ
ᠠᠮᠠᠯᠠᠬᠤ ᠶ᠋ᠢᠨ ᠳᠠᠯᠠᠢ ᠴᠠᠯᠭᠢᠯᠠᠨ᠎ᠠ
ᠰᠤᠪᠤᠳ ᠤᠨ ᠳᠠᠯᠠᠢ ᠠᠭᠰᠠᠵᠤ
ᠰᠦᠷᠦᠭ ᠤᠨ ᠳᠠᠯᠠᠢ ᠦᠶᠡᠷᠯᠡᠨ᠎ᠡ
( ᠬᠣᠨᠢ ᠬᠤᠷᠠᠭ᠎ᠠ ᠨᠡᠶ᠋ᠢᠯᠡᠬᠦ )
ᠪᠥᠭᠰᠡᠨ ᠳ᠋ᠡᠭᠡᠨ ᠪᠦᠲᠡᠭᠡᠯᠭᠡ ᠲᠠᠢ
ᠪᠥᠮᠪᠥᠷᠭᠡᠨ ᠴᠠᠭᠠᠨ ᠡᠷᠳᠡᠨᠢ
( ᠬᠣᠨᠢ )
ᠮᠢᠩᠭᠠᠢ ᠮᠢᠩᠭᠠᠢ ᠮᠠᠶ᠋ᠢᠯᠠᠨᠠ
ᠮᠢᠩᠭᠠᠨ ᠵᠠᠯᠠᠭ᠎ᠠ ᠰᠣᠭᠰᠣᠯᠵᠠᠨᠠ
ᠲᠠᠷᠢᠶ᠎ᠠ ᠪᠤᠳᠠᠭ᠎ᠠ ᠨᠠᠶ᠋ᠢᠭᠤᠨ᠎ᠠ
ᠲᠠᠯ᠎ᠠ ᠳᠦᠭᠦᠷᠡᠩ ᠱᠤᠤᠭᠢᠨ᠎ᠠ
( ᠬᠣᠨᠢ ᠬᠤᠷᠠᠭ᠎ᠠ ᠨᠡᠶ᠋ᠢᠯᠡᠬᠦ )
ᠲᠠᠪᠢᠨ ᠪᠠᠨᠳᠢ ᠲᠠᠯᠪᠢᠭᠠᠳ ᠭᠠᠷᠬᠤ ᠳᠤ
ᠲᠠᠷᠭᠤᠨ ᠯᠠᠮᠠ ᠬᠠᠰᠢᠭᠠᠳ ᠠᠪᠤᠨ᠎ᠠ
( ᠬᠣᠨᠢᠨ ᠬᠣᠷᠭᠣᠯ ᠪᠠ ᠰᠡᠭᠦᠯ )
ᠬᠠᠮᠢᠭ᠎ᠠ ᠠ᠋ᠴᠠ ᠢᠷᠡᠪᠡ
ᠲᠣᠰᠣᠲᠤ ᠶ᠋ᠢᠨ ᠭᠣᠣᠯ ᠠ᠋ᠴᠠ ᠢᠷᠡᠯ᠎ᠡ
ᠲᠣᠰᠣ ᠨᠠᠭᠠᠯᠳᠤᠳᠠᠭ ᠦᠭᠡᠢ ᠴᠢᠨᠢ ᠶᠠᠭᠠᠬᠢᠯ᠎ᠠ
ᠮᠠᠨ ᠤ ᠭᠠᠵᠠᠷ ᠤᠨ ᠶᠣᠰᠣ
( ᠬᠣᠷᠭᠣᠯ )
ᠲᠣᠶ᠋ᠢᠮᠣᠭ ᠲᠣᠶ᠋ᠢᠮᠣᠭ
ᠬᠠᠮᠢᠭ᠎ᠠ ᠠ᠋ᠴᠠ ᠢᠷᠡᠪᠡ
ᠳᠣᠯᠣᠭᠠᠨ ᠲᠤᠬᠠᠢ ᠶ᠋ᠢᠨ ᠤᠰᠤ ᠪᠡᠯᠴᠢᠭᠡᠷ ᠠ᠋ᠴᠠ ᠢᠷᠡᠯ᠎ᠡ
ᠪᠡᠶ᠎ᠡ ᠴᠢᠨᠢ ᠶᠠᠭᠠᠬᠢᠬᠰᠠᠨ ᠵᠢᠭᠠᠬᠠᠨ ᠪᠤᠢ
ᠪᠢᠳᠡ ᠠᠬ᠎ᠠ ᠳᠡᠭᠦᠦ ᠣᠯᠠᠭᠤᠯᠠ ᠠ᠋ᠴᠠ ᠶᠤᠮ
ᠲᠣᠯᠣᠭᠠᠢ ᠴᠢᠨᠢ ᠶᠠᠭᠠᠬᠢᠭᠠᠳ ᠨᠣᠶ᠋ᠢᠲᠠᠨ ᠪᠤᠢ
ᠳᠣᠲᠣᠷ ᠭᠠᠵᠠᠷ ᠤᠨ ᠵᠠᠩ ᠶᠤᠮ
( ᠬᠣᠷᠭᠣᠯ )
ᠮᠢᠨᠵᠤᠤᠷ ᠬᠠᠭᠠᠨ ᠤ ᠥᠬᠢᠨ
ᠠᠷᠪᠠᠨ ᠬᠣᠶᠠᠷ ᠳᠠᠭᠠᠭᠤᠯᠢ ᠲᠠᠢ
ᠨᠢᠭᠡ ᠮᠥᠩᠭᠥᠨ ᠬᠠᠯᠪᠠᠭ᠎ᠠ ᠲᠠᠢ
ᠬᠣᠶᠠᠷ ᠳᠣᠷᠳᠣᠩ ᠠᠯᠴᠢᠭᠤᠷ ᠲᠠᠢ
( ᠬᠣᠨᠢᠨ ᠤ ᠡᠪᠴᠢᠭᠦᠦ )
ᠬᠣᠲᠠᠨ ᠳᠡᠭᠡᠷ᠎ᠡ
ᠬᠣᠶᠠᠷ ᠮᠡᠷᠭᠡᠨ
( ᠬᠣᠨᠢᠨ ᠳᠠᠯᠤ )
ᠶᠠᠭ ᠨᠤᠮᠤ
ᠶᠠᠰᠤᠨ ᠬᠥᠪᠴᠢ ᠲᠠᠢ
( ᠪᠣᠭᠲᠣ ᠴᠢᠮᠥᠭᠡ )
ᠶᠡᠬᠡ ᠭᠡᠷ ᠤᠨ ᠡᠭᠦᠳᠡ
ᠪᠠᠭᠤᠯᠭᠠᠰᠤᠲᠠᠢ
ᠪᠠᠭ᠎ᠠ ᠭᠡᠷ ᠤᠨ ᠡᠭᠦᠳᠡ
ᠰᠡᠬᠦᠭᠡᠰᠦᠲᠡᠢ
( ᠬᠣᠨᠢ ᠢᠮᠠᠭᠠᠨ ᠰᠡᠭᠦᠯ )
ᠠᠬ᠎ᠠ ᠶ᠋ᠢᠨ ᠡᠭᠦᠳᠡ ᠪᠠᠭᠤᠯᠭᠠᠰᠤᠲᠠᠢ
ᠳᠡᠭᠦᠦ ᠶ᠋ᠢᠨ ᠡᠭᠦᠳᠡ ᠰᠡᠬᠦᠭᠡᠰᠦᠲᠡᠢ
( ᠬᠣᠨᠢ ᠢᠮᠠᠭᠠᠨ ᠰᠡᠭᠦᠯ )
ᠬᠣᠲᠠᠨ ᠳᠣᠲᠣᠷ᠎ᠠ
ᠬᠣᠶᠠᠷ ᠮᠠᠢᠵᠢᠭᠢ ᠭᠤᠲᠤᠯ
( ᠬᠤᠴᠠ ᠶ᠋ᠢᠨ ᠡᠪᠡᠷ )
ᠡᠭᠡᠷᠡᠮ᠎ᠡ ᠨᠤᠲᠤᠭ ᠤᠨ ᠮᠠᠩᠭᠤᠰ
ᠡᠷ᠎ᠡ ᠡᠮ᠎ᠡ ᠦᠭᠡᠢ ᠰᠠᠬᠠᠯ ᠲᠠᠢ
( ᠢᠮᠠᠭ᠎ᠠ )
ᠨᠣᠮᠣᠨ ᠬᠡᠯᠪᠡᠷᠢᠲᠦ ᠡᠪᠡᠷ ᠲᠠᠢ
ᠨᠣᠣᠰᠣᠨ ᠰᠢᠷᠬᠡᠭᠲᠦ ᠳᠡᠪᠡᠯ ᠲᠠᠢ
ᠢᠳᠡᠬᠦ ᠨᠢ ᠨᠣᠭᠣᠭᠠᠨ ᠡᠪᠡᠰᠦ
ᠪᠠᠭᠠᠬᠤ ᠨᠢ ᠬᠠᠷ᠎ᠠ ᠴᠢᠪᠠᠭ᠎ᠠ
( ᠢᠮᠠᠭ᠎ᠠ )
ᠦᠬᠡᠷ ᠪᠢᠰᠢ ᠪᠠᠶ᠋ᠢᠲᠠᠯ᠎ᠠ ᠪᠠᠨ ᠡᠪᠡᠷ ᠲᠠᠢ
ᠡᠪᠦᠭᠡᠨ ᠪᠢᠰᠢ ᠪᠠᠶ᠋ᠢᠲᠠᠯ᠎ᠠ ᠪᠠᠨ ᠰᠠᠬᠠᠯ ᠲᠠᠢ
ᠡᠪᠦᠯ ᠵᠤᠨ ᠭᠡᠵᠦ ᠢᠯᠭᠠᠯ ᠦᠭᠡᠢ
ᠦᠰᠦᠲᠡᠢ ᠳᠠᠬᠤ ᠪᠠᠨ ᠤᠷᠪᠠᠭᠤᠯᠵᠤ ᠡᠮᠦᠰᠦᠨ᠎ᠡ
( ᠢᠮᠠᠭ᠎ᠠ )
ᠪᠠᠷᠠᠭᠤᠨ ᠭᠠᠵᠠᠷ ᠤᠨ ᠴᠢᠪᠠᠭᠠᠨᠴᠠ
ᠪᠠᠭ᠎ᠠ ᠶᠡᠬᠡ ᠦᠭᠡᠢ ᠲᠠᠷᠨᠢᠳᠠᠳᠠᠭ ᠴᠢᠪᠠᠭᠠᠨᠴᠠ
ᠬᠦᠬᠦᠷ ᠽᠠᠨᠳᠠᠨ ᠦᠨᠦᠷ ᠲᠠᠢ ᠴᠢᠪᠠᠭᠠᠨᠴᠠ
ᠬᠥᠪᠰᠥᠷᠳᠡᠨ ᠪᠠᠪᠠᠨᠠᠳᠠᠬᠤ ᠵᠠᠩ ᠲᠠᠢ
( ᠤᠬᠤᠨ᠎ᠠ )
ᠵᠠᠭᠤᠨ ᠬᠠᠷ᠎ᠠ ᠢᠮᠠᠭᠠᠨ ᠳᠤ
ᠵᠠᠭᠤᠳᠠᠭ ᠬᠠᠷ᠎ᠠ ᠳᠡᠭᠡ
( ᠤᠬᠤᠨ᠎ᠠ )
ᠴᠢ ᠪᠣᠰ
ᠴᠢᠨᠦ ᠰᠠᠭᠤᠷᠢᠨ ᠳᠤ ᠪᠢ ᠰᠠᠭᠤᠨ᠎ᠠ
( ᠮᠠᠯ ᠤᠨ ᠮᠥᠷ )
ᠰᠠᠬᠠᠯ ᠲᠠᠢ ᠲᠥᠷᠥᠭᠰᠡᠨ ᠳ᠋ᠦ᠍ᠨᠢ
ᠰᠣᠨᠢᠷᠬᠠᠬᠤ ᠬᠥᠮᠦᠨ ᠦᠭᠡᠢ
( ᠢᠰᠢᠭᠡ )
ᠡᠩᠬᠦᠷᠡᠢ ᠨᠢᠯᠬ᠎ᠠ ᠪᠠᠶ᠋ᠢᠲᠠᠯ᠎ᠠ ᠪᠠᠨ
ᠡᠷᠡᠦ ᠳᠦᠭᠦᠷᠡᠩ ᠰᠠᠬᠠᠯ ᠲᠠᠢ
ᠡᠷᠳᠡᠨᠢ ᠶ᠋ᠢᠨ ᠬᠣᠶᠠᠷ ᠬᠤᠩᠬ᠎ᠠ ᠲᠠᠢ
ᠡᠷᠲᠡᠭᠡᠷ ᠬᠣᠶᠠᠷ ᠰᠡᠯᠡᠮ᠎ᠡ ᠲᠠᠢ
(ᠢᠰᠢᠭᠡ )
ᠵᠣᠭᠰᠣᠪᠠᠯ ᠪᠠᠨᠳᠠᠩ
ᠰᠠᠭᠤᠪᠠᠯ ᠶᠠᠨᠲᠤᠩ
( ᠨᠣᠬᠠᠢ )
ᠬᠤᠩ ᠬᠤᠩ ᠳᠠᠭᠤ ᠲᠠᠢ
ᠬᠣᠨᠳᠣᠯᠠᠢ ᠳᠡᠭᠡᠷ᠎ᠡ ᠪᠠᠨ ᠳᠡᠭᠡᠭᠡ ᠲᠠᠢ
( ᠨᠣᠬᠠᠢ )
ᠪᠣᠰᠤᠭ᠎ᠠ ᠠ᠋ᠴᠠ ᠪᠠᠨ
ᠰᠠᠭᠤᠭ᠎ᠠ ᠨᠢ ᠥᠨᠳᠥᠷ
( ᠨᠣᠬᠠᠢ )
ᠪᠠᠷᠰ ᠰᠢᠭ᠋ ᠳᠦᠷᠰᠦ ᠲᠠᠢ
ᠪᠠᠭᠰᠢ ᠰᠢᠭ᠋ ᠨᠣᠮ ᠲᠠᠢ
ᠪᠤᠳᠠᠭᠠᠨ ᠭᠡᠷ ᠤᠨ ᠬᠤᠯᠠᠭᠠᠶ᠋ᠢᠴᠢ ᠶ᠋ᠢ
ᠪᠠᠷᠢᠭᠠᠳ ᠠᠪᠳᠠᠭ ᠪᠠᠭᠠᠲᠤᠷ
( ᠮᠤᠤᠷ )
ᠴᠢᠩᠭᠠᠭᠠᠬᠤ ᠠᠷᠪᠠᠨ ᠭᠣᠬ᠎ᠠ ᠲᠠᠢ
ᠴᠠᠪᠴᠢᠬᠤ ᠬᠣᠶᠠᠷ ᠢᠯᠳᠦ ᠲᠠᠢ
ᠴᠠᠭ ᠦᠵᠡᠬᠦ ᠰᠡᠳ᠋ ᠲᠠᠢ
ᠴᠠᠭᠠᠨ ᠪᠠᠷᠰ ᠦ᠋ᠨ ᠰᠡᠭᠦᠯ ᠲᠡᠢ
( ᠮᠤᠤᠷ )
ᠬᠦᠷ ᠬᠦᠷ ᠳᠠᠭᠤ ᠲᠠᠢ
ᠬᠦᠷᠡᠩ ᠤᠯᠠᠭᠠᠨ ᠪᠡᠶ᠎ᠡ ᠲᠡᠢ
ᠭᠠᠪ ᠰᠢᠷ᠎ᠠ ᠨᠢᠲᠤ ᠲᠠᠢ
ᠭᠠᠭᠴᠠᠭᠠᠷ ᠶᠠᠪᠤᠬᠤ ᠵᠠᠩ ᠲᠠᠢ
( ᠮᠤᠤᠷ )
ᠳ᠋ᠸᠤ ᠳ᠋ᠸᠤ ᠪᠠᠷ ᠢᠲᠡᠵᠦ
ᠳ᠋ᠸᠤᠹᠦ᠋ ᠠᠲᠠᠯᠢ ᠲᠠᠷᠭᠤᠯᠵᠤ
ᠳ᠋ᠠᠨ ᠳ᠋ᠠᠨ ᠶ᠋ᠢᠠᠷ ᠢᠲᠡᠵᠦ
ᠳᠠᠪᠬᠤᠷ ᠳᠠᠪᠬᠤᠷ ᠥᠭᠡᠬᠦᠯᠡᠨᠡ
( ᠭᠠᠬᠠᠢ )
ᠥᠷᠢ ᠦᠭᠡᠢ ᠪᠠᠶ᠋ᠢᠲᠠᠯ᠎ᠠ ᠨᠡᠬᠡᠨ᠎ᠡ
ᠡᠪᠡᠤᠠᠴᠢᠨ ᠦᠭᠡᠢ ᠪᠠᠶ᠋ᠢᠲᠠᠯ᠎ᠠ ᠶᠣᠶ᠋ᠢᠯᠠᠨᠠ
( ᠭᠠᠬᠠᠢ )
ᠪᠤᠰᠤᠳ ᠦ᠋ᠨ ᠨᠣᠣᠰᠤ ᠭᠠᠲᠠᠨ᠎ᠠ ᠪᠠᠨ
ᠪᠣᠨᠲᠣᠭᠣᠷ ᠦ᠋ᠨ ᠨᠣᠣᠰᠤ ᠳᠣᠲᠣᠷ᠎ᠠ ᠪᠠᠨ
( ᠭᠦᠵᠡᠭᠡ )
ᠰᠡᠮᠡᠵᠡᠨ ᠭᠡᠷ ᠲᠦ
ᠠᠶᠤᠮᠠᠲᠠᠭᠠᠢ ᠡᠮᠡᠭᠡᠨ
( ᠭᠦᠵᠡᠭᠡ )
ᠪᠠᠷᠰ ᠰᠢᠩᠬᠢ ① ᠡᠷᠢᠶᠡᠨ ᠲᠡᠢ
ᠪᠠᠨᠲᠢ ᠰᠢᠩᠬᠢ ᠲᠣᠯᠣᠭᠠᠢ ᠲᠠᠢ
ᠲᠡᠮᠡᠭᠡᠨ ᠰᠢᠩᠬᠢ ᠪᠤᠶ᠋ᠢᠯᠠ ᠲᠠᠢ
( ᠬᠣᠲᠣᠭᠤᠲᠤ )
① ᠰᠢᠭ᠋ ᠂ ᠰᠢᠭ᠌ ᠊ᠢ ᠬᠥᠬᠡ ᠨᠠᠭᠤᠷ ᠦ᠋ᠨ ᠮᠣᠩᠭᠤᠯᠴᠤᠳ 《 ᠰᠢᠩᠬᠢ 》 ᠭᠡᠨ᠎ᠡ ᠃
ᠮᠤᠲᠤᠨ ᠵᠢᠩᠰᠡ ᠲᠡᠢ ᠮᠣᠨᠲᠤᠭᠤᠷ ᠡᠪᠦᠭᠡᠨ
( ᠬᠣᠲᠣᠭᠤᠲᠤ )
ᠬᠣᠭᠣᠯᠠᠢ ᠠᠬ᠎ᠠ ᠲᠠᠢ
ᠬᠣᠰᠬᠢᠨᠠᠭ ᠳᠡᠭᠦᠦ ᠲᠡᠢ
ᠤᠲᠠᠰᠤᠨ ᠬᠡ ᠲᠡᠢ ᠤᠭᠤᠲᠠ
ᠤᠨᠠᠯᠲᠠ ᠶ᠋ᠢ ᠰᠢᠩᠭᠡᠭᠡᠬᠦ ᠰᠠᠪᠠ
ᠤᠲᠠᠭᠠᠨ ᠵᠢᠯ ᠬᠡᠷᠡᠭᠯᠡᠪᠡᠴᠦ
ᠤᠷᠠᠭᠲᠠᠵᠤ ᠪᠠᠷᠠᠭᠲᠠᠬᠤ ᠦᠭᠡᠢ ᠡᠳ᠋
(ᠠᠮᠢᠲᠠᠨ ᠪ ᠬᠣᠲᠣᠭᠤᠲᠤ )
ᠪᠦᠭᠳᠦᠷ ᠡᠪᠦᠭᠡᠨ
ᠪᠥᠭᠰᠡᠨ ᠳᠡᠭᠡᠷ᠎ᠡ ᠪᠠᠨ ᠰᠣᠶᠣᠬ᠋ᠠ ᠲᠠᠢ
( ᠴᠢᠤᠠᠬᠤᠭᠰᠠᠨ ᠭᠡᠲᠡᠰᠦ )
ᠣᠰᠤᠭᠤᠵᠤ ᠦᠬᠦᠭᠰᠡᠨ ᠭᠡᠬᠦ ᠳᠤ ᠳᠠᠬᠤ ᠨᠥᠮᠦᠷᠦᠬ᠋ᠰᠡᠨ
ᠥᠯᠦᠰᠴᠦ ᠦᠬᠦᠭᠰᠡᠨ ᠭᠡᠬᠦ ᠳᠤ ᠥᠭᠡᠬᠦ ᠵᠠᠭᠤᠭᠰᠠᠨ
ᠨᠣᠬᠠᠢ ᠳᠤ ᠪᠠᠷᠢᠭᠤᠯᠵᠤ ᠦᠬᠦᠭᠰᠡᠨ ᠭᠡᠬᠦ ᠳᠤ ᠰᠢᠲᠠᠮ ᠪᠠᠷᠢᠬᠰᠠᠨ
ᠨᠣᠶᠠᠨ ᠳᠤ ᠵᠠᠨᠴᠢᠭᠤᠯᠵᠤ ᠦᠬᠦᠭᠰᠡᠨ ᠭᠡᠬᠦ ᠳᠤ ᠰᠣᠷᠪᠢ ᠦᠭᠡᠢ
( ᠴᠢᠤᠠᠬᠤᠭᠰᠠᠨ ᠬᠣᠲᠣᠭᠤᠲᠤ )
ᠶᠡᠬᠡ ᠰᠢᠷᠠᠭᠴᠢ ᠢᠩᠭᠡ
ᠢᠬᠢᠷ᠎ᠡ ᠬᠣᠶᠠᠷ ᠪᠣᠲᠤᠭᠤ ᠲᠠᠢ
( ᠭᠦᠵᠡᠭᠡ ᠂ ᠰᠠᠶ᠋ᠢᠨ ᠮᠠᠭᠤ ᠰᠠᠷᠬᠢᠨᠠᠭ )
ᠳᠡᠯᠭᠡᠪᠡᠯ ᠬᠠᠨ᠎ᠠ ᠰᠢᠭ᠋
ᠡᠪᠬᠡᠪᠡᠯ ᠤᠭᠤᠲᠠ ᠰᠢᠭ᠋
( ᠰᠠᠷᠬᠢᠨᠠᠭ )
ᠲᠦᠨᠲᠦᠢᠭᠰᠡᠨ ᠲᠠᠷᠢᠬᠢ
ᠲᠦᠮᠡᠨ ᠵᠠᠯᠭᠠᠪᠤᠷᠢ ᠰᠠᠪᠠᠯᠠᠭᠤᠯᠤᠭᠰᠠᠨ ᠲᠠᠷᠢᠬᠢ
ᠪᠥᠨᠳᠦᠢᠭᠰᠡᠨ ᠲᠠᠷᠢᠬᠢ
ᠪᠤᠮᠡᠨ ᠵᠠᠯᠭᠠᠪᠤᠷᠢ ᠰᠠᠪᠠᠯᠠᠭᠤᠯᠤᠭᠰᠠᠨ ᠲᠠᠷᠢᠬᠢ
( ᠰᠠᠷᠬᠢᠨᠠᠭ )
ᠬᠥᠭᠡᠷᠦᠬᠦᠨ ᠬᠡᠤᠬᠡᠨ
ᠬᠥᠪᠥᠩ ᠪᠣᠭᠣᠯᠲᠠ ᠲᠠᠢ
( ᠳᠣᠲᠤᠷ ᠪᠥᠭᠡᠷ᠎ᠡ )
ᠬᠥᠪᠤᠩ ᠬᠤᠴᠢᠭᠠᠰᠤᠲᠠᠢ ᠬᠣᠶᠠᠷ ᠬᠡᠤᠬᠡᠨ
ᠬᠥᠲᠦᠯ ᠦ᠋ᠨ ᠨᠠᠭᠠᠨ᠎ᠠ ᠴᠠᠭᠠᠨ᠎ᠠ ᠨᠤᠲᠤᠭ ᠲᠠᠢ
( ᠳᠣᠲᠤᠷ ᠪᠥᠭᠡᠷ᠎ᠡ )
ᠨᠢᠭᠡ ᠪᠢᠷᠠᠭᠤ ᠨᠡᠮᠨᠡᠭᠡ ᠲᠡᠢ
ᠬᠣᠶᠠᠷ ᠪᠢᠷᠠᠭᠤ ᠬᠣᠯᠪᠣᠬ᠋᠎ᠠ ᠲᠠᠢ
( ᠵᠢᠷᠦᠬᠡ ᠪᠥᠭᠡᠷ᠎ᠡ )
ᠬᠡ ᠨᠢ ᠬᠠᠨ᠎ᠠ
ᠬᠡᠪ ᠨᠢ ᠤᠭᠤᠲᠠ
( ᠰᠠᠶ᠋ᠢᠨ ᠰᠠᠷᠬᠢᠨᠠᠭ )
ᠨᠣᠶᠠᠨ ᠪ ᠬᠦᠦ ᠬᠠᠷ᠎ᠠ ᠲᠣᠷᠭᠠᠨ ᠳᠡᠪᠡᠯ ᠲᠡᠢ
ᠬᠠᠲᠤᠨ ᠪ ᠬᠦᠦ ᠤᠯᠠᠭᠠᠨ ᠲᠣᠷᠭᠠᠨ ᠳᠡᠪᠡᠯ ᠲᠡᠢ
( ᠡᠯᠢᠭᠡ ᠠᠭᠤᠰᠬᠢ )
ᠬᠠᠭᠠᠨ ᠪ ᠬᠡᠤᠬᠡᠨ
ᠬᠠᠷ᠎ᠠ ᠲᠣᠷᠭᠠᠨ ᠯᠠᠪᠰᠢᠬ① ᠲᠠᠢ
ᠨᠣᠶᠠᠨ ᠪ ᠬᠡᠤᠬᠡᠨ
ᠨᠣᠭᠣᠭᠠᠨ ᠲᠣᠷᠭᠠᠨ ᠯᠠᠪᠰᠢᠬ ᠲᠠᠢ
( ᠡᠯᠢᠭᠡ ᠰᠥᠰᠥ )
① ᠳᠠᠪᠬᠤᠷ ᠪᠦᠰ ᠶ᠋ᠢᠡᠷ ᠬᠢᠭᠰᠡᠨ ᠲᠦᠪᠡᠳ ᠬᠤᠪᠴᠠᠰᠤ ᠃
ᠠᠷᠠᠳ ᠬᠥᠮᠦᠨ ᠪ ᠬᠦᠦ
ᠥᠭᠡᠬᠦᠨ ᠳᠤᠰᠤᠨ ᠭᠡᠷ ᠲᠡᠢ
( ᠳᠣᠲᠤᠷ ᠪᠥᠭᠡᠷ᠎ᠡ )
ᠭᠦᠨ ᠬᠤᠤᠠᠲᠤᠭ ᠲᠤ
ᠭᠦᠩᠭᠡᠷ ᠤᠯᠠᠭᠠᠨ ᠰᠢᠪᠠᠭᠤ
( ᠵᠢᠷᠦᠬᠡ )
ᠳᠣᠲᠣᠷ᠎ᠠ ᠭᠠᠵᠠᠷ ᠠ᠋ᠴᠠ ᠢᠷᠡᠭᠰᠡᠨ ᠭᠡᠬᠦ ᠳᠤ
ᠳᠣᠲᠣᠷ ᠭᠠᠲᠠᠷ ᠨᠢ ᠮᠡᠳᠡᠭᠳᠡᠬᠦ ᠦᠭᠡᠢ
( ᠥᠭᠡᠬᠦ )
ᠡᠬᠡ ᠨᠢ ᠡᠯᠢᠭᠡᠨ ᠤᠯᠠᠭᠠᠨ
ᠬᠦᠦ ᠨᠢ ᠬᠦᠵᠦᠭᠦᠦ ᠤᠯᠠᠭᠠᠨ
( ᠠᠭᠤᠰᠬᠢ ᠂ ᠵᠢᠷᠦᠬᠡ )
ᠣᠲᠣᠯᠠᠢ ᠶ᠋ᠢᠨ ᠬᠡᠦᠬᠡᠳ
ᠤᠯᠠᠭᠠᠨ ᠲᠣᠷᠭᠠᠨ ᠳᠡᠪᠡᠯ ᠲᠡᠢ
( ᠠᠭᠤᠰᠬᠢ )
ᠬᠠᠭᠠᠨ ᠪ ᠬᠡᠦᠬᠡᠳ
ᠬᠠᠷ᠎ᠠ ᠲᠣᠷᠭᠠᠨ ᠳᠡᠪᠡᠯ ᠲᠡᠢ
ᠨᠣᠶᠠᠨ ᠪ ᠬᠡᠦᠬᠡᠳ
ᠨᠣᠭᠣᠭᠠᠨ ᠲᠣᠷᠭᠠᠨ ᠳᠡᠪᠡᠯ ᠲᠡᠢ
ᠬᠦᠨᠲᠦ ᠶ᠋ᠢᠨ ᠬᠡᠦᠬᠡᠳ
ᠬᠦᠷᠡᠩ ᠳᠡᠪᠡᠯ ᠲᠡᠢ
( ᠡᠯᠢᠭᠡ ᠠᠭᠤᠰᠬᠢ ᠰᠥᠰᠥ )
ᠴᠣᠣᠵᠢ ᠦᠭᠡᠢ ᠠᠪᠲᠠᠷ᠎ᠠ ᠳᠤ
ᠪᠢᠴᠢᠭ᠌ ᠦᠭᠡᠢ ᠴᠠᠭᠠᠰᠤ
( ᠰᠡᠮᠡᠵᠡ )
ᠳᠣᠲᠣᠷ᠎ᠠ ᠭᠠᠵᠠᠷ ᠠ᠋ᠴᠠ ᠢᠷᠡᠭᠰᠡᠨ ᠲᠣᠷᠬ᠋᠎ᠠ
ᠥᠩᠭᠡ ᠳᠣᠲᠣᠷ ᠨᠢ ᠢᠯᠭᠠᠭᠲᠠᠬᠤ ᠦᠭᠡᠢ
( ᠰᠡᠮᠡᠵᠡ )
ᠭᠠᠲᠠᠨ᠎ᠠ ᠪᠠᠨ ᠴᠤ᠌ ᠬᠡ
ᠳᠣᠲᠣᠷ᠎ᠠ ᠪᠠᠨ ᠴᠤ᠌ ᠬᠡ
( ᠰᠡᠮᠡᠵᠡ )
ᠳᠦᠯᠡᠢ ᠮᠡᠶ᠋ᠢᠷᠡᠨ
ᠳᠥᠷᠪᠡᠨ ᠳᠠᠭᠠᠭᠤᠯᠢ ᠲᠠᠢ
( ᠳᠠᠯᠤ ᠳᠥᠷᠪᠡᠨ ᠥᠨᠲᠥᠷ )
ᠠᠷᠢᠭᠤᠨ ᠰᠠᠶ᠋ᠢᠬᠠᠨ ᠪᠠᠷᠢᠴᠠ ᠲᠠᠢ
ᠠᠭᠤᠵᠢᠮ ᠰᠠᠶ᠋ᠢᠬᠠᠨ ᠰᠠᠨᠵᠢ ᠲᠠᠢ
ᠥᠷᠭᠡᠨ ᠰᠠᠶ᠋ᠢᠬᠠᠨ ᠲᠠᠯ᠎ᠠ ᠲᠠᠢ
ᠤᠰᠤ ᠲᠣᠭᠲᠠᠬᠤ ᠬᠣᠩᠬᠣᠷ ᠲᠠᠢ
ᠠᠭᠤᠯᠠᠨ ᠴᠢᠨᠡᠭᠡᠨ ᠳᠣᠪᠣ ᠲᠠᠢ
( ᠰᠡᠭᠦᠵᠢᠨ ᠶᠠᠰᠤ )
ᠠᠷᠤ ᠠᠭᠤᠯᠠ ᠶ᠋ᠢᠨ ᠮᠣᠲᠣᠨ
ᠠᠪᠤᠷᠭᠤ ᠪᠠᠶ᠋ᠢᠭᠠᠳ ᠬᠡᠪᠡᠷᠡᠭ
ᠥᠪᠥᠷ ᠠᠭᠤᠯᠠᠨ ᠪ ᠮᠣᠲᠣᠨ
ᠪᠦᠭᠳᠦᠷ ᠪᠠᠶ᠋ᠢᠭᠠᠳ ᠪᠥᠬᠡ
( ᠪᠤᠭᠤ ᠶ᠋ᠢᠨ ᠡᠪᠡᠷ ᠦᠬᠡᠷ ᠦ᠋ᠨ ᠡᠪᠡᠷ )
ᠦᠰᠦᠭ ᠠᠮᠢᠯᠠᠭᠤᠯᠤᠭᠰᠠᠨ ᠨᠢ᠄ ᠬᠠᠷᠠᠨᠤᠳ · ᠲᠤᠶᠠᠭ᠎ᠠ ᠂ ᠣᠶᠤᠨᠲᠤᠨᠠᠯ᠂ ᠠᠯᠲᠠᠨᠲᠤᠶᠠᠭ᠎ᠠ ᠂ ᠬᠠᠲᠠᠴᠢ᠂ ᠤᠷᠠᠨ᠎ᠠ ᠂ ᠮᠢᠩᠭᠠᠳ · ᠴᠢᠮᠡᠭ
ᠬᠢᠨᠠᠭᠴᠢ ᠄ ᠬᠠᠷᠠᠨᠤᠳ · ᠲᠤᠶᠠᠭ᠎ᠠ ᠂ ᠮᠢᠩᠭᠠᠳ · ᠴᠢᠮᠡᠭ
