ᠣᠩᠭᠣᠨ ᠪᠣᠳᠣᠯ – ᠲ ᠂ ᠭᠣᠮᠪᠣᠵᠠᠪ Онгон бодол – Т ᠂ Гомбожав
ᠣᠩᠭᠣᠨ ᠪᠣᠳᠣᠯ
ᠲ ᠂ ᠭᠣᠮᠪᠣᠵᠠᠪ
ᠬᠠᠷᠠᠭᠲᠠᠬᠤ ᠦᠭᠡᠢ ᠪᠠᠷ᠎ᠠ
ᠪᠠᠷᠢᠬᠲᠠᠬᠤ ᠦᠭᠡᠢ ᠪᠠᠭᠠᠲᠤᠷ
ᠮᠢᠨᠦ ᠣᠩᠭᠣᠨ ᠪᠣᠲᠣᠯ
ᠮᠢᠨᠦ ᠵᠣᠷᠢᠬ ᠵᠣᠯᠪᠣᠬ᠋ᠠ !
ᠲᠡᠨᠢᠢᠴᠢᠭᠡᠭᠡᠳ ᠵᠠᠷᠢᠮ ᠳ᠋ᠠᠭᠠᠨ
ᠲᠡᠭᠷᠢ ᠪᠠᠭᠲᠠᠬᠤ ᠦᠭᠡᠢ ᠪᠣᠯᠵᠤ
ᠠᠭᠤᠷ ᠬᠦᠷᠴᠦ ᠣᠲᠣ ᠶ᠋ᠢ ᠢᠰᠭᠦᠯᠵᠦ ᠦᠵᠡᠨ᠎ᠡ
ᠣᠮᠣᠭ ᠪᠠᠲᠠᠷᠠᠵᠤ ᠨᠠᠷᠠ ᠶ᠋ᠢ ᠠᠯᠠᠭᠠᠲᠠᠵᠤ ᠨᠠᠭᠠᠲᠤᠨᠠ
ᠬᠥᠬᠡᠷᠴᠢᠭᠡᠭᠡᠳ ᠵᠠᠷᠢᠮ ᠳ᠋ᠠᠭᠠᠨ
ᠬᠥᠯᠥᠭ ᠤᠨᠤᠬ᠋᠎ᠠ ᠮᠠᠷᠲᠠᠵᠤ
ᠬᠥᠯ ᠶ᠋ᠢᠡᠨ ᠡᠭᠦᠷᠴᠦ ᠲᠣᠯᠣᠭᠠᠢ ᠪᠠᠷ ᠶ᠋ᠢᠠᠨ ᠠᠯᠬᠤᠵᠤ ᠶᠠᠪᠤᠨ᠎ᠠ
ᠬᠦᠰᠡᠯᠡᠩ ᠮᠥᠷᠲᠡᠨ ᠴᠢᠯᠠᠭᠤ ᠵᠠᠵᠢᠯᠵᠤ ᠭᠦᠶᠦᠨ᠎ᠡ
ᠴᠠᠭ ᠡᠪᠦᠯ ᠪᠣᠯᠵᠤ
ᠴᠠᠭᠠᠨ ᠰᠢᠭᠤᠷᠬ᠋ᠠ ᠳᠡᠭᠳᠡᠬᠦ ᠳᠤ
ᠮᠢᠨᠦ ᠣᠩᠭᠣᠨ ᠪᠣᠲᠣᠯ
ᠮᠥᠰᠥᠨ ᠳᠡᠭᠡᠷ᠎ᠡ ᠪᠡᠶ᠎ᠡ ᠨᠢᠴᠥᠬᠥᠨ ᠬᠡᠪᠲᠡᠨᠡᠮ
ᠴᠠᠰᠤᠨ ᠳᠡᠭᠡᠷ᠎ᠡ ᠬᠦᠯᠥᠰᠥ ᠪᠠᠭᠠᠬᠢᠵᠦ ᠤᠨᠲᠠᠨᠠᠮ
ᠢᠲᠡ ᠵᠤᠨ ᠪᠣᠯᠵᠤ
ᠢᠯᠴᠢ ᠨᠠᠷᠠ ᠰᠢᠷᠠᠬᠤ ᠳᠤ
ᠮᠢᠨᠦ ᠣᠩᠭᠣᠨ ᠪᠣᠲᠣᠯ
ᠮᠠᠩᠬᠠᠨ ᠣᠷᠣᠢ ᠳᠤ ᠭᠠᠯ ᠲᠦᠯᠡᠵᠦ ᠰᠡᠷᠢᠭᠦᠴᠡᠨᠡᠮ
ᠮᠠᠯ ᠦ᠋ᠨ ᠪᠡᠯᠴᠢᠭᠡᠷ ᠲᠤ ᠠᠲᠤᠭᠤ ᠤᠷᠭᠠᠯᠠᠵᠤ ᠠᠮᠠᠷᠠᠨᠠᠮ
ᠬᠠᠶᠠ ᠳ᠋ᠠᠭᠠᠨ ᠮᠢᠨᠦ ᠪᠣᠲᠣᠯ
ᠬᠠᠩᠭᠠᠢ ᠭᠡᠰᠦᠨ ᠲᠣᠭᠣᠷᠢᠵᠤ
ᠬᠠᠪᠤᠷ ᠦ᠋ᠨ ᠨᠠᠮᠵᠢᠭᠤᠨ ᠰᠥᠨᠢ
ᠠᠭᠤᠯᠠ ᠡᠷᠭᠦᠵᠦ ᠨᠠᠭᠠᠲᠤᠨᠠ
ᠵᠠᠷᠢᠮ ᠳ᠋ᠠᠭᠠᠨ ᠮᠢᠨᠦ ᠪᠣᠲᠣᠯ
ᠵᠤᠨ ᠪ ᠳᠡᠯᠡᠬᠡᠢ ᠮᠠᠨᠠᠵᠤ
ᠵᠤᠯᠭᠠᠷᠠᠭᠰᠠᠨ ᠴᠡᠴᠡᠭ ᠦ᠋ᠨ ᠬᠠᠵᠠᠭᠤ ᠳᠤ
ᠱᠣᠭᠰᠢᠲᠠᠯᠠ ᠤᠬᠢᠯᠠᠵᠤ ᠬᠣᠨᠣᠨ᠎ᠠ
ᠡᠮᠨᠡᠯᠭᠡ ᠳᠤ ᠮᠢᠨᠦ ᠪᠣᠲᠣᠯ
ᠡᠪᠡᠤᠠᠴᠢᠲᠡᠨ ᠰᠠᠬᠢᠵᠤ ᠰᠠᠭᠤᠬᠤ ᠳ᠋ᠠᠭᠠᠨ
ᠵᠣᠪᠠᠯ ᠭᠤᠨᠢᠬ ᠨᠢᠷᠭᠡᠵᠦ
ᠵᠡᠭᠦᠲᠦᠨ ᠳ᠋ᠡᠭᠡᠨ ᠥᠮᠡᠨ ᠭᠠᠯᠲᠠᠨᠠ
ᠰᠤᠷᠭᠠᠭᠤᠯᠢ ᠳᠤ ᠮᠢᠨᠦ ᠪᠣᠲᠣᠯ
ᠰᠤᠷᠤᠯᠬ᠋ᠠ ᠰᠢᠮᠲᠠᠵᠤ ᠶᠠᠪᠤᠬᠤ ᠳ᠋ᠠᠭᠠᠨ
ᠨᠣᠶ᠋ᠢᠷ ᠬᠣᠭᠣᠯᠠ ᠬᠠᠶᠠᠵᠤ
ᠨᠣᠮ ᠦ᠋ᠨ ᠰᠠᠩ ᠵᠠᠯᠭᠢᠨ᠎ᠠ
ᠪᠢ ᠬᠥᠭᠡᠷᠦᠬᠦᠢ
ᠪᠡᠶ᠎ᠡ ᠪᠠᠬ᠋᠎ᠠ ᠂ ᠶᠠᠮᠠᠷ ᠴᠤ᠌ ᠴᠢᠲᠠᠯ ᠦᠭᠡᠢ
ᠪᠣᠲᠣᠯ ᠮᠢᠨᠢ ᠬᠥᠭᠡᠷᠦᠬᠦᠢ ᠪᠢᠰᠢ
ᠪᠣᠰᠤᠬ᠋᠎ᠠ ᠵᠣᠭᠰᠣᠬ᠋ᠠ
ᠪᠦᠬᠦᠨ ᠊ᠢ ᠪᠦᠲᠦᠭᠡᠬᠦ ᠴᠢᠲᠠᠯ ᠲᠠᠢ ᠡ !
ᠲᠣᠭᠯᠠᠭᠠᠮ ᠦ᠋ᠨ ᠭᠡᠷ ᠲᠤ
ᠶᠠᠪᠠ ᠬᠥᠮᠦᠨ ᠲᠡᠢ
ᠲᠥᠷᠴᠢᠭᠢᠨᠠᠲᠠᠯᠠ ᠶᠠᠷᠢᠯᠳᠤᠵᠤ ᠰᠠᠭᠤᠨ᠎ᠠ
ᠲᠣᠨᠣᠯᠵᠢᠨ ᠵᠡᠭᠡᠯᠢ ᠳᠤ
ᠳᠦᠯᠡᠢ ᠲᠡᠢ ᠤᠴᠠᠷᠠᠭᠠᠳ
ᠳᠠᠭᠤᠤ ᠠᠶᠠᠯᠵᠤ ᠰᠣᠨᠣᠰᠬᠠᠨ᠎ᠠ
ᠤᠰᠤᠨ ᠳᠣᠲᠣᠷ᠎ᠠ
ᠭᠠᠯ ᠲᠦᠯᠡᠭᠡᠳ
ᠴᠠᠢ ᠴᠢᠨᠠᠵᠤ ᠤᠤᠭᠤᠨ᠎ᠠ
ᠤᠷᠠᠨ ᠰᠢᠪᠠᠭᠤ ᠳᠤ
ᠬᠡᠯᠡ ᠵᠢᠭᠠᠭᠠᠳ
ᠲᠠ ᠰᠠᠶ᠋ᠢᠨ ᠤᠤ ? ᠠᠰᠠᠭᠤᠯᠴᠠᠨᠠ
ᠠᠯᠲᠠᠨ ᠳᠡᠯᠡᠬᠡᠢ ᠶ᠋ᠢ ᠴᠤ᠌
ᠮᠢᠨᠦ ᠪᠣᠲᠣᠯ
ᠠᠷᠤ ᠨᠢᠷᠤᠭᠤᠨ ᠳ᠋ᠠᠭᠠᠨ ᠪᠣᠭᠣᠵᠢ ᠲᠦᠯᠡᠭᠡ ᠰᠢᠭ᠌ ᠡᠭᠦᠷᠴᠢᠭᠡᠭᠡᠳ
ᠠᠯᠤᠰ ᠬᠣᠷᠸ᠋᠎ᠠ ᠳᠤ ᠣᠲᠣ ᠬᠢᠰᠬᠢᠵᠦ ᠨᠢᠰᠦᠨ᠎ᠡ
ᠠᠰᠲᠠᠭᠠᠨ ᠣᠲᠣᠨ ᠳᠤ ᠨᠤᠲᠤᠭ ᠰᠣᠩᠭᠣᠵᠤ ᠠᠶᠠᠯᠠᠨ᠎ᠠ !
ᠬᠠᠷᠠᠭᠲᠠᠬᠤ ᠦᠭᠡᠢ ᠪᠠᠷ᠎ᠠ
ᠪᠠᠷᠢᠬᠲᠠᠬᠤ ᠦᠭᠡᠢ ᠪᠠᠭᠠᠲᠤᠷ
ᠮᠢᠨᠦ ᠣᠩᠭᠣᠨ ᠪᠣᠲᠣᠯ
ᠮᠢᠨᠦ ᠵᠣᠷᠢᠬ ᠵᠣᠯᠪᠣᠬ᠋ᠠ !
1984
ᠵᠠᠯᠠᠭᠤ ᠰᠢᠯᠦᠭᠴᠢᠳ ᠦᠨ ᠴᠣᠪᠣᠷᠠᠯ ᠪᠢᠴᠢᠭ᠌
< ᠢᠷᠡᠬᠦ ᠵᠠᠭᠤᠨ ᠤ ᠬᠣᠩᠬᠣᠨ ᠳᠠᠭᠤᠨ > ᠠᠴᠠ ᠬᠠᠭᠤᠯᠪᠠ᠃
ᠲᠩᠷᠢ ᠡᠵᠢ ᠬᠠᠭᠤᠯᠤᠨ ᠠᠮᠢᠯᠠᠭᠤᠯᠪᠠ
ᠬᠢᠨᠠᠭ᠍ᠴᠢ ᠄ ᠴᠣᠯᠮᠣᠬ᠍ᠲᠤᠶᠠᠭ᠎ᠠ ᠪᠠᠭ᠍ᠰᠢ
2023 ᠂ 4 ᠂ 9 ᠪ ᠡᠲᠦᠷ
