ᠨᠠᠪᠴᠢ- ᠮ ᠲᠠᠷᠬᠠᠨᠬᠦᠦНавч-м дарханхүү ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠪᠴᠢ- ᠮ ᠲᠠᠷᠬᠠᠨᠬᠦᠦНавч-м дарханхүү

ᠨᠠᠪᠴᠢ- ᠮ ᠲᠠᠷᠬᠠᠨᠬᠦᠦНавч-м дарханхүү

2023-04-09

370

ᠨᠠᠪᠴᠢ

           ᠮ ᠂ ᠳᠠᠷᠬᠠᠨᠬᠦᠦ 

ᠨᠠᠪᠴᠢ ᠶ᠋ᠢ ᠦᠵᠡᠭᠰᠡᠭᠡᠷ ᠪᠢ 
ᠨᠠᠢᠷᠠᠭ ᠪᠢᠴᠢᠬᠦ ᠶ᠋ᠢ ᠰᠠᠨᠠᠴᠢᠬᠠᠯ᠎ᠠ 
ᠨᠠᠢᠷᠠᠭ ᠰᠡᠳᠬᠢᠯ ᠢ᠋ ᠠᠵᠢᠭ᠍ᠰᠠᠭᠠᠷ 
ᠨᠠᠪᠴᠢᠨ ᠳ᠋ᠥ᠍ ᠪᠥᠮᠪᠥᠷᠢᠭᠡᠳ ᠰᠢᠩᠭᠡᠴᠢᠬᠡᠯ᠎ᠡ 
ᠨᠣᠭᠣᠭᠠᠨ ᠲᠣᠷᠭᠠᠨ ᠳᠡᠯᠡᠬᠡᠢ ᠭᠡᠵᠦ 
ᠨᠠᠪᠴᠢ ᠪᠠᠷ ᠪᠠᠭᠯᠠᠭᠰᠠᠨ ᠥᠯᠥᠭᠡᠢ ᠪᠢᠵᠡ 
ᠨᠤᠴᠤᠮ᠎ᠡ ᠬᠠᠢᠷ᠎ᠠ ᠪᠠᠷ ᠢ᠋ᠶ᠋ᠡᠨ ᠪᠦᠪᠡᠢᠯᠡᠭᠰᠡᠨ 
ᠨᠠᠰᠤᠲᠠᠢ ᠡᠵᠢ ᠶ᠋ᠢᠨ ᠡᠪᠦᠷ ᠪᠢᠵᠡ  
ᠪᠦᠪᠡᠢ ᠶ᠋ᠢᠨ ᠳᠠᠭᠤᠤ ᠶ᠋ᠢ ᠴᠢᠩᠨᠠᠭᠰᠠᠭᠠᠷ 
ᠡᠨᠡ ᠥᠯᠥᠭᠡᠢ ᠳ᠋ᠥ᠍ ᠤᠨᠠᠭᠰᠠᠨ ᠶᠤᠮ  
ᠪᠥᠮᠪᠥᠷ ᠪᠥᠮᠪᠥᠷ ᠭᠦᠶᠦᠭᠰᠡᠭᠡᠷ 
ᠡᠨᠡ ᠡᠪᠦᠷ ᠲᠣ᠌ ᠪᠣᠢᠵᠢᠭ᠍ᠰᠠᠨ ᠶᠤᠮ 
ᠬᠥᠬᠡ ᠨᠣᠭᠣᠭᠠᠨ ᠨᠠᠪᠴᠢ ᠮᠢᠨᠢ 
ᠬᠥᠷᠥᠰᠥᠲᠦ ᠳᠡᠯᠡᠬᠡᠢ ᠳ᠋ᠥ᠍ ᠪᠠᠨ ᠴᠢᠮᠡᠭ ᠶᠤᠮ 
ᠬᠦᠰᠡᠯᠡᠩ ᠢ᠋ ᠪᠡᠯᠭᠡᠳᠡᠭᠡᠳ ᠨᠠᠮᠢᠯᠵᠠᠭᠰᠠᠨ 
ᠬᠦᠰᠡᠯᠲᠦ ᠵᠢᠷᠦᠬᠡᠨ ᠊ᠣ ᠳᠤᠭ ᠶᠤᠮᠰᠠᠨ  
ᠨᠣᠭᠣᠭᠠᠷᠠᠵᠤ ᠬᠥᠬᠡᠷᠡᠬᠦ ᠨᠠᠪᠴᠢ ᠪᠠᠨ 
ᠨᠤᠬᠤᠴᠢᠵᠤ ᠪᠢᠲᠡᠭᠡᠢ ᠯᠡ ᠰᠦᠢᠳᠬᠡᠶ᠎ᠡ ᠳᠡ 
ᠨᠣᠭᠣᠭᠠᠨ ᠠᠮᠢ ᠶ᠋ᠢ ᠨᠢ ᠪᠣᠭᠣᠮᠢᠯᠠᠬᠤ 
ᠨᠣᠭᠲᠣ᠌ ᠪᠤᠤ ᠯᠡ ᠪᠣᠯᠣᠶ᠎ᠠ ᠳᠡ 
ᠬᠤᠷ᠎ᠠ ᠤᠰᠤ ᠳᠤᠲᠠᠪᠠᠯ ᠰᠢᠭᠦᠳᠡᠷᠢ ᠪᠣᠯᠵᠤ ᠶᠠᠪᠤᠶ᠎ᠠ ᠳᠡ 
ᠬᠣᠷᠣᠬᠠᠢ ᠰᠢᠪᠠᠵᠢ ᠬᠠᠯᠳᠠᠪᠠᠯ ᠡᠮᠴᠢ ᠨᠢ ᠪᠣᠯᠵᠤ ᠵᠠᠰᠠᠶ᠎ᠠ ᠳᠡ 
ᠠᠮᠢᠵᠢᠷᠠᠯ ᠢ᠋ ᠨᠢ ᠪᠠᠲᠤᠯᠠᠵᠤ ᠴᠢᠳᠠᠪᠠᠯ 
ᠠᠮᠢ ᠪᠠᠨ ᠴᠦ᠍ ᠣᠷᠣᠨ ᠳ᠋ᠥ᠍ ᠨᠢ ᠦᠭᠬᠦᠶ᠎ᠡ ᠳᠡ 
ᠠᠮᠢᠳᠤᠷᠠᠵᠤ ᠣᠷᠣᠰᠢᠬᠤ ᠥᠯᠥᠭᠡᠢ ᠪᠠᠨ 
ᠠᠯᠠᠭ ᠯᠡ ᠪᠤᠤ ᠤᠷᠬᠢᠶ᠎ᠡ ᠳᠡ 
ᠨᠠᠪᠴᠢ ᠪᠠᠷ ᠪᠠᠭᠯᠠᠭᠰᠠᠨ ᠳᠡᠯᠡᠬᠡᠢ ᠳ᠋ᠥ᠍ ᠪᠠᠨ 
ᠨᠠᠢᠷᠠᠭ ᠢ᠋ᠶ᠋ᠡᠨ ᠢᠩᠭᠢᠵᠦ ᠡᠷᠭᠦᠶ᠎ᠡ ᠳᠡ 
ᠨᠠᠢᠷᠠᠭ ᠰᠡᠳᠬᠢᠯ ᠬᠣᠶᠠᠷ ᠢ᠋ᠶ᠋ᠡᠨ 
ᠨᠠᠪᠴᠢ ᠲᠠᠢ ᠬᠣᠯᠪᠣᠵᠤ ᠰᠠᠭᠤᠶ᠎ᠠ ᠳᠡ

    ᠦᠰᠦᠭ ᠠᠮᠢᠯᠠᠭᠤᠯᠤᠭᠴᠢ᠄ ᠭᠠᠸᠠ
    ᠦᠰᠦᠭ  ᠬᠠᠳᠠᠭᠴᠢ ᠄ ᠭᠠᠸᠠ