ᠬᠦᠩ ᠦ᠋ᠨ ᠵᠣᠣ ᠶ᠋ᠢᠨ ᠭᠡᠭᠡᠨ ᠦ᠌ ᠠᠯᠲᠠᠨ ᠰᠤᠷᠭᠠᠯ ᠣᠷᠣᠰᠢᠪᠠ1-8Гүнгийн жуугийн гэгээний алтан сургаал оршивой
ᠬᠦᠩ ᠦ᠋ᠨ ᠵᠣᠣ ᠶ᠋ᠢᠨ ᠭᠡᠭᠡᠨ ᠦ᠌ ᠠᠯᠲᠠᠨ ᠰᠤᠷᠭᠠᠯ ᠣᠷᠣᠰᠢᠪᠠ1-8
ᠨᠢᠭᠡᠳᠦᠭᠡᠷ ᠪᠦᠯᠦᠭ ᠰᠤᠷᠭᠠᠯ ᠰᠢᠯᠦᠭ
ᠨᠠᠢ᠍ᠮᠠ
ᠭᠤᠷᠪᠠᠨ ᠴᠤᠬᠠᠭ ᠡᠷᠳᠡᠨᠢ ᠪᠡᠷ ᠳᠦᠭᠦᠷᠭᠡᠭᠰᠡᠨ ᠣᠷᠣᠨ ᠳ᠋ᠤᠷ ᠂
ᠭᠣᠣᠯ ᠰᠦᠰᠦᠭ ᠬᠥᠳᠡᠯᠭᠡᠬᠦ ᠰᠡᠳᠬᠢᠯ ᠦᠭᠡᠢ ᠠᠮᠢᠲᠠᠨ ᠂
ᠭᠤᠷᠪᠠᠨ ᠬᠥᠯᠭᠡ ᠶ᠋ᠢᠨ ᠨᠣᠮᠯᠠᠯ ᠦ᠋ᠳ ᠊ᠢ ᠰᠣᠨᠣᠰᠪᠠᠢ ᠭᠡᠪᠡᠴᠦ ᠂
ᠭᠣᠣᠯ ᠳ᠋ᠤ᠌ ᠠᠪᠴᠤ ᠶᠣᠰᠣᠴᠢᠯᠠᠨ ᠶᠠᠪᠤᠮᠤᠢ ᠦᠦ ᠬᠠᠶ᠋ᠢᠷᠬᠠᠨ᠃
ᠪᠤᠶᠠᠨ ᠪᠤᠷᠬᠠᠨ ᠦᠢᠯᠡᠳᠬᠦᠢ ᠳ᠋ᠦ᠍ᠷ ᠤᠰᠤ ᠰᠢᠷᠣᠢ ᠬᠠᠶ᠋ᠢᠷᠠᠲᠠᠢ ᠂
ᠪᠤᠵᠠᠷ ᠨᠢᠭᠦᠯ ᠦᠢᠯᠡᠳᠬᠦᠢ ᠳ᠋ᠦ᠍ᠷ ᠠᠮᠢ ᠪᠡᠶ᠎ᠡ ᠬᠠᠶ᠋ᠢᠷ᠎ᠠ ᠦᠭᠡᠢ ᠂
ᠪᠣᠳᠢ ᠬᠤᠲᠤᠭ ᠡᠷᠢᠬᠦᠢ ᠳ᠋ᠦ᠍ᠷ ᠨᠢᠭᠡᠨ ᠡᠳᠦᠷ ᠪᠡᠷᠬᠡᠲᠡᠢ ᠂
ᠭᠣᠣᠯ ᠳ᠋ᠤ᠌ ᠠᠪᠴᠤ ᠶᠣᠰᠣᠴᠢᠯᠠᠨ ᠶᠠᠪᠤᠮᠤᠢ ᠦᠦ ᠬᠠᠶ᠋ᠢᠷᠠᠬᠠᠨ᠃
ᠪᠠᠶᠠᠨ ᠪᠣᠯᠬᠤ ᠶ᠋ᠢᠨ ᠦᠨᠳᠦᠰᠦ ᠢᠨᠤ ᠪᠤᠶᠠᠨ ᠪᠤᠷᠬᠠᠨ ᠭᠡᠲᠡᠯ᠎ᠡ ᠂
ᠪᠠᠰᠠ ᠬᠠᠷᠢᠨ ᠦᠢᠯᠡᠳᠬᠦᠢ ᠳ᠋ᠦ᠍ᠷ ᠬᠠᠮᠤᠭ ᠪᠦᠬᠦᠨ ᠊ᠢ ᠬᠠᠷᠠᠮᠨᠠᠨ ᠂
ᠪᠠᠷᠠᠭᠳᠠᠬᠤ ᠦᠨᠳᠦᠰᠦ ᠢᠨᠤ ᠬᠠᠷ᠎ᠠ ᠨᠢᠭᠦᠯ ᠭᠡᠲᠡᠯ᠎ᠡ ᠂
ᠪᠠᠷᠠᠲᠠᠯ᠎ᠠ ᠦᠢᠯᠡᠳᠬᠦᠢ ᠳ᠋ᠦ᠍ᠷ ᠬᠠᠷᠢᠨ ᠶᠡᠬᠡ ᠰᠢᠨᠤᠯᠲᠠᠢ᠃
ᠨᠢᠭᠡᠨ ᠨᠠᠰᠤᠨ ᠲᠤᠰᠠᠯᠠᠭᠰᠠᠨ ᠪᠤᠷᠬᠠᠨ ᠢ᠋ᠶ᠋ᠠᠨ ᠬᠥᠩᠭᠡᠯᠡᠨ ᠂
ᠨᠢᠭᠡᠨ ᠡᠳᠦᠷ ᠲᠤᠰᠠᠯᠠᠭᠰᠠᠨ ᠵᠣᠴᠢᠨ ᠬᠥᠮᠦᠨ ᠊ᠢ ᠬᠦᠨᠳᠦᠯᠡᠨ ᠂
ᠨᠢᠭᠡᠨ ᠶᠡᠬᠡ ᠮᠡᠷᠭᠡᠨ ᠪᠣᠯᠵᠤ ᠡᠷᠬᠢᠮᠰᠢᠭᠴᠢ ᠰᠡᠳᠬᠢᠯᠲᠡᠨ ᠂
ᠨᠢᠭᠡᠨ ᠨᠠᠰᠤᠨ ᠵᠥᠪ ᠊ᠢ ᠣᠯᠬᠤ ᠬᠤᠪᠢ ᠦᠭᠡᠢ ᠮᠤᠩᠬᠠᠭ ᠮᠥᠨ ᠃
ᠤᠲᠤᠭᠠᠲᠤ ᠪᠤᠷᠬᠠᠨ ᠢ᠋ᠶ᠋ᠠᠨ ᠢᠰᠡᠭᠡᠢ ᠳ᠋ᠦ᠍ᠷ ᠪᠠᠭᠯᠠᠭᠠᠳ ᠂
ᠤᠨᠲᠠᠬᠤ ᠪᠠ ᠢᠳᠡᠬᠦᠢ ᠳ᠋ᠦ᠍ᠷ ᠡᠯᠳᠡᠪ ᠢ᠋ᠶ᠋ᠡᠷ ᠪᠤᠵᠠᠷᠯᠠᠨ ᠂
ᠤᠷᠠᠨ ᠳᠠᠷᠬᠠᠨ ᠢ᠋ᠶ᠋ᠠᠷ ᠬᠢᠯᠭᠡᠭᠰᠡᠨ ᠠᠯᠲᠠᠨ ᠪᠤᠷᠬᠠᠨ ᠊ᠢ ᠦᠵᠡᠭᠡᠳ ᠂
ᠦᠨᠡᠨ ᠲᠤᠰᠠ ᠰᠦᠰᠦᠭᠯᠡᠬᠦ ᠰᠡᠳᠬᠢᠯ ᠴᠢᠨᠢ ᠬᠠᠮᠢᠭ᠎ᠠ ᠪᠠᠶ᠋ᠢᠨ᠎ᠠ ᠃
ᠠᠪᠤ ᠡᠵᠢ ᠶ᠋ᠢᠨ ᠰᠢᠲᠦᠭᠡᠨ ᠊ᠢ ᠳᠠᠭᠢᠬᠤᠢ ᠳ᠋ᠤᠷ ᠬᠦᠷᠬᠦᠯ᠎ᠡ ᠂
ᠠᠷᠪᠠ ᠬᠣᠷᠢᠨ ᠵᠣᠭᠣᠰᠤᠨ ᠤ᠋ ᠬᠦᠵᠢ ᠵᠤᠯᠠ ᠪᠡᠷᠬᠡᠳᠡᠨ ᠂
ᠠᠯᠢᠭ ᠱᠠᠯᠢᠭ ᠨᠥᠬᠥᠷ ᠢ᠋ᠶ᠋ᠡᠨ ᠴᠢᠮᠡᠬᠦᠢ ᠳ᠋ᠦ᠍ᠷ ᠬᠦᠷᠬᠦᠯ᠎ᠡ ᠂
ᠠᠯᠲᠠ ᠮᠥᠩᠭᠥ ᠲᠣᠷᠭ᠎ᠠ ᠳᠤᠷᠳᠤᠩ ᠡᠯᠪᠡᠭ ᠪᠣᠯᠳᠠᠭ ᠶᠠᠭᠤ ᠪᠢᠯᠡ ?
ᠠᠪᠤᠷᠠᠭᠴᠢ ᠪᠤᠷᠬᠠᠨ ᠳ᠋ᠠᠭᠠᠨ ᠡᠷᠭᠦᠬᠦᠢ ᠳ᠋ᠦ᠍ᠷ ᠬᠥᠷᠪᠡᠯᠡ ᠂
ᠠᠷᠪᠠᠢ ᠶᠤᠤᠮᠠᠢ ᠬᠠᠷ᠎ᠠ ᠲᠣᠰᠣ ᠪᠣᠯᠬᠤ ᠪᠣᠯᠬᠤ ᠬᠡᠮᠡᠯᠳᠦᠨ ᠂
ᠠᠮᠢ ᠪᠡᠶ᠎ᠡ ᠠᠮᠠᠨ ᠳ᠋ᠠᠭᠠᠨ ᠢᠳᠡᠬᠦᠢ ᠳ᠋ᠦ᠍ᠷ ᠬᠥᠷᠪᠡᠯᠡ ᠂
ᠠᠷᠪᠠᠨ ᠠᠮᠲᠨ ᠲᠡᠭᠦᠰᠬᠡᠳᠡᠭ ᠰᠦᠰᠦᠭ ᠮᠤᠩᠬᠠᠭ ᠶᠠᠮᠪᠠᠷ ᠪᠠᠶ᠋ᠢᠨ᠎ᠠ᠃
ᠠᠪᠤᠷᠠᠯᠲᠤ ᠰᠠᠬᠢᠭᠤᠯᠰᠤᠨ ᠠᠴᠢᠯᠠᠯ ᠤ᠋ᠨ ᠲᠠᠬᠢᠯᠭ᠎ᠠ ᠂
ᠠᠷᠪᠠᠨ ᠬᠣᠶᠠᠷ ᠰᠠᠷ᠎ᠠ ᠳᠣᠲᠣᠷ᠎ᠠ ᠨᠢᠭᠡᠨ ᠡᠳᠦᠷ ᠲᠡᠭᠦᠰᠦᠭᠡᠳ ᠂
ᠠᠳᠤᠭᠤᠰᠤ ᠮᠠᠯ ᠦ᠋ᠳ ᠢ᠋ᠶ᠋ᠡᠨ ᠰᠥᠨᠢ ᠡᠳᠦᠷ ᠠᠰᠠᠷᠠᠨ ᠂
ᠠᠳᠬᠠᠭ ᠰᠦᠰᠦᠭ ᠠᠯᠢᠨ ᠠᠨᠤ ᠶᠡᠬᠡ ᠪᠠᠶ᠋ᠢᠬᠤ ᠶ᠋ᠢ ᠪᠣᠳᠣᠯᠲᠠᠢ᠃
ᠪᠤᠷᠬᠠᠨ ᠳ᠋ᠠᠭᠠᠨ ᠠᠭᠤᠯᠤᠭᠰᠠᠨ ᠲᠠᠬᠢᠯ ᠲᠠᠪᠠᠭ ᠬᠣᠭᠣᠰᠣᠨ ᠂
ᠪᠤᠲᠤᠯᠠᠵᠦ ᠪᠡᠯᠡᠤᠠᠬᠡᠭᠰᠡᠨ ᠲᠠᠷᠢᠶ᠎ᠠ ᠴᠤ᠌ ᠥᠴᠦᠬᠡᠨ ᠂
ᠪᠣᠷᠣ ᠭᠡᠳᠡᠰᠦ ᠲᠡᠵᠢᠭᠡᠬᠦ ᠲᠠᠭᠠᠷᠴᠤᠭ ᠰᠠᠪᠠ ᠶ᠋ᠢ ᠳᠦᠭᠦᠷᠭᠡᠨ ᠂
ᠪᠣᠳᠣᠬᠤᠯ᠎ᠠ ᠰᠦᠰᠦᠭ ᠰᠢᠨᠤᠯ ᠠᠯᠢᠨ ᠠᠨᠤ ᠥᠩᠭᠡᠲᠡᠢ᠃
ᠰᠢᠲᠦᠭᠡᠨ ᠦ᠌ ᠬᠠᠳᠠᠭ ᠨᠢᠨᠳᠠᠷ ᠬᠠᠷ᠎ᠠ ᠪᠣᠯᠣᠳ ᠤᠷᠠᠩᠬᠠᠢ ᠂
ᠰᠢᠷᠡᠭᠡᠨ ᠦ᠌ ᠳᠡᠪᠢᠰᠬᠡᠷ ᠴᠦ᠍ ᠣᠷᠣ ᠳᠣᠷᠣ ᠶ᠋ᠢᠨ ᠲᠡᠳᠦᠶ᠋ᠢᠬᠡᠨ ᠂
ᠰᠢᠳᠠᠷ ᠨᠥᠬᠥᠷ ᠦ᠋ᠳ ᠡᠲᠯᠡᠬᠦ ᠨᠢ ᠬᠣᠷᠭᠣᠢ ᠪᠥᠭᠡᠳ ᠵᠢᠩᠺᠠᠪ ᠪᠠᠶ᠋ᠢᠨ᠎ᠠ ᠂
ᠰᠢᠨᠵᠢᠯᠡᠪᠡᠯ ᠰᠦᠰᠦᠭ ᠰᠢᠨᠤᠯ ᠨᠢᠳᠦᠨ ᠳᠡᠭᠡᠷ᠎ᠡ ᠢᠯᠡᠳᠲᠡ ᠃
ᠡᠨᠡ ᠬᠤᠶ᠋ᠢᠲᠤ ᠶ᠋ᠢᠨ ᠠᠪᠤᠷᠠᠬᠤ ᠰᠠᠬᠢᠭᠤᠯᠰᠤᠨ ᠪᠤᠷᠬᠠᠨ ᠪᠠᠶ᠋ᠢᠨ᠎ᠠ ᠂
ᠡᠷᠭᠦᠮᠵᠢᠯᠡᠨ ᠳᠠᠭᠢᠬᠤᠢ ᠳ᠋ᠤᠷ ᠬᠠᠮᠤᠭ ᠪᠦᠷᠢ ᠶ᠋ᠢ ᠬᠠᠶ᠋ᠢᠷᠠᠯᠠᠨ ᠂
ᠡᠵᠡᠷᠬᠡᠳᠡᠭ ᠨᠣᠶᠠᠳ ᠭᠡᠶ᠋ᠢᠴᠢᠳ ᠢᠷᠡᠬᠦᠯ᠎ᠡ ᠰᠣᠨᠢᠷᠬᠠᠨ ᠂
ᠡᠯᠳᠡᠪ ᠢ᠋ᠶ᠋ᠡᠷ ᠬᠦᠨᠳᠦᠯᠡᠬᠦ ᠠᠯᠢᠨ ᠠᠨᠤ ᠡᠷᠬᠢᠮ ᠪᠣᠢ᠃
ᠬᠡᠯᠡᠬᠦ ᠪᠠ ᠦᠵᠡᠬᠦ ᠳᠡᠭᠡᠷ᠎ᠡ ᠪᠤᠷᠬᠠᠨ ᠭᠡᠬᠦ ᠪᠣᠯᠪᠠᠴᠤ᠂
ᠬᠡᠷᠡᠭᠰᠡᠬᠦ ᠡᠷᠬᠢᠮᠯᠡᠬᠦ ᠰᠡᠳᠬᠢᠯ ᠦᠭᠡᠢ ᠪᠣᠯᠬᠤᠯ᠎ᠠ ᠂
ᠬᠡᠵᠢᠶᠡᠳᠡ ᠠᠪᠤᠷᠠᠯ ᠤ᠋ᠨ ᠤᠴᠢᠷ ᠦᠯᠦ ᠮᠠᠲᠠᠯᠲᠠᠢ ᠂
ᠬᠡᠮᠬᠡᠷᠡᠭᠰᠡᠨ ᠡᠪᠲᠡᠷᠡᠬᠰᠡᠨ ᠊ᠢ ᠨᠢᠭᠡᠨ ᠵᠦᠭ ᠲᠦ᠍ᠷ ᠣᠷᠬᠢᠮᠤᠢ᠃
ᠪᠣᠷᠣ ᠭᠡᠳᠡᠰᠦ ᠨᠢᠭᠡᠨ ᠡᠳᠦᠷ ᠥᠯᠦᠰᠬᠦᠢ ᠳ᠋ᠦ᠍ᠷ ᠬᠦᠷᠪᠡᠰᠦ ᠂
ᠪᠣᠯᠣᠰᠢ ᠦᠭᠡᠢ ᠬᠡᠷᠡᠭ ᠪᠣᠯᠵᠤ ᠭᠣᠮᠣᠳᠠᠯ ᠊ᠢ ᠬᠡᠯᠡᠯᠴᠡᠮᠦᠢ ᠂
ᠪᠤᠷᠬᠠᠨ ᠢ᠋ᠶ᠋ᠠᠨ ᠨᠢᠭᠡᠨ ᠰᠠᠷ᠎ᠠ ᠲᠠᠬᠢᠬᠤ ᠦᠭᠡᠢ ᠣᠷᠬᠢᠭᠠᠳ ᠂
ᠪᠣᠯᠵᠠᠢ ᠪᠣᠯᠵᠠᠢ ᠴᠢᠯᠥᠭᠡ ᠭᠠᠷᠤᠭᠠᠳ ᠲᠠᠬᠢᠬᠤ ᠪᠠᠷ ᠲᠣᠭᠲᠠᠮᠤᠢ ᠃
ᠰᠦᠮ᠎ᠡ ᠬᠡᠶ᠋ᠢᠳ ᠦ᠋ᠨ ᠣᠶ᠋ᠢᠷ᠎ᠠ ᠰᠠᠭᠤᠭᠠᠳ ᠰᠥᠨᠢ ᠡᠳᠦᠷ ᠭᠦᠶᠦᠯᠳᠦᠨ ᠂
ᠰᠦᠨ ᠪᠠ ᠲᠣᠰᠣ ᠵᠦᠬᠡᠬᠦᠢ ᠳ᠋ᠦ᠍ᠷ ᠪᠠᠭᠠᠲᠤᠷᠰᠢᠭ ᠪᠣᠯᠪᠠᠴᠤ ᠂
ᠰᠦᠷᠲᠦ ᠨᠣᠮ ᠤ᠋ᠨ ᠰᠠᠬᠢᠭᠤᠯᠰᠤᠨ ᠴᠡᠯᠮᠡᠨ ᠢ᠋ᠶ᠋ᠡᠷ ᠭᠦᠯᠢᠭᠲᠡᠨ ᠂
ᠰᠦᠯᠳᠡ ᠪᠤᠶᠠᠨᠲᠠᠨ ᠪᠠᠷᠠᠭᠳᠠᠵᠤ ᠦᠬᠦᠯ ᠵᠣᠪᠠᠯ ᠦᠵᠡᠮᠦᠢ ᠃
ᠦᠰᠦᠭ ᠠᠮᠢᠯᠠᠭᠤᠯᠤᠭᠴᠢ ᠄ ᠥᠯᠵᠡᠢᠪᠠᠭᠠᠲᠤᠷ
ᠬᠢᠨᠠᠭᠰᠠᠨ ᠨᠢ ᠄ ᠣᠤᠠᠬᠠᠨᠰᠤ᠎ᠡ
