ᠲᠩᠷᠢ ᠶ᠋ᠢᠨ ᠵᠦᠩ ᠲᠡᠢ ᠠᠪᠤ ᠮᠢᠨᠢ- ᠯ ᠪᠣᠯᠣᠳᠪᠠᠭᠠᠲᠤᠷТэгрын жүнтэй аав минь-ло болдбаатар
ᠲᠩᠷᠢ ᠶ᠋ᠢᠨ ᠵᠦᠩ ᠲᠡᠢ ᠠᠪᠤ ᠮᠢᠨᠢ
ᠦᠭᠡ᠄ ᠨ᠂ ᠪᠠᠶᠠᠨᠮᠥ᠋ᠩᠬᠡ
ᠠᠶ᠎ᠠ ᠂ ᠬᠥᠭᠵᠢᠮ᠄ ᠪ᠂ ᠪᠢᠮᠪᠠᠪᠠᠶᠠᠷ
ᠳᠠᠭᠤᠴᠢᠨ᠄ ᠯ• ᠪᠣᠯᠣᠳᠪᠠᠭᠠᠲᠤᠷ
ᠠᠪᠤ ᠶ᠋ᠢᠨ ᠭᠡᠷ ᠲᠡᠭᠡᠨ ᠢᠷᠡᠬᠦ ᠳ᠋ᠦ᠍ ᠰᠡᠳᠬᠢᠯ ᠳ᠋ᠦ᠍ ᠳᠤᠯᠠᠭᠠᠬᠠᠨ
ᠠᠢᠯᠴᠢᠨ ᠭᠡᠢᠴᠢᠨ ᠠᠬ᠎ᠠ ᠳᠡᠭᠦᠦ ᠴᠣᠭ ᠲᠠᠢ ᠬᠥᠷ ᠲᠡᠢ
ᠲᠡᠷᠭᠡᠯ ᠰᠠᠷᠠᠨ ᠢ᠋ᠶ᠋ᠠᠷ ᠭᠡᠷᠡᠯᠲᠦᠭᠰᠡᠨ ᠡᠷᠳᠡᠨᠢ ᠶ᠋ᠢᠨ ᠰᠤᠷᠭᠠᠯ ᠲᠠᠢ
ᠳᠡᠰ ᠦ᠋ᠨ ᠲᠠᠯ᠎ᠠ ᠶ᠋ᠢᠨ ᠣᠯᠠᠨ ᠢ᠋ᠶ᠋ᠠᠷ ᠢ᠋ᠶ᠋ᠠᠨ ᠳᠥᠷᠪᠡᠨ ᠤᠯᠠᠷᠢᠯ ᠳ᠋ᠤ᠌ ᠵᠢᠷᠭᠠᠯᠲᠠᠢ᠃
ᠦᠯᠢᠭᠡᠷ ᠳᠣᠮᠣᠭ ᠤ᠋ᠨ ᠳ᠋ᠧᠪᠠᠵᠠᠨ ᠳᠡᠰ ᠦ᠋ᠨ ᠴᠡᠩᠬᠡᠷ ᠨᠤᠲᠤᠭ ᠮᠢᠨᠢ
ᠦᠢᠯᠡᠰ ᠵᠠᠶᠠᠭ᠎ᠠ ᠨᠡᠢᠯᠡᠨ ᠳᠡᠪᠰᠢᠭᠦᠯᠦᠭᠰᠡᠭᠡᠷ
ᠲᠩᠷᠢ ᠶ᠋ᠢᠨ ᠵᠦᠩ ᠲᠡᠢ ᠠᠪᠤ ᠮᠢᠨᠢ ᠠᠪᠤ ᠮᠢᠨᠢ ᠠ᠋᠃
ᠪᠤᠭᠤᠷᠤᠯ ᠤ᠋ᠨ ᠴᠡᠩᠬᠡᠷ ᠨᠤᠲᠤᠭ ᠮᠢᠨᠢ ᠪᠣᠳᠣᠯ ᠳ᠋ᠤ᠌ ᠲᠣᠭᠲᠠᠭᠤᠬᠠᠨ
ᠪᠠᠭᠤᠵᠤ ᠮᠣᠷᠳᠠᠬᠤ ᠬᠣᠲᠠᠯᠠᠭᠠᠷ ᠤ᠋ᠳ ᠢᠷᠦᠭᠡᠯ ᠲᠡᠢ ᠪᠢᠯᠢᠭ ᠲᠡᠢ
ᠠᠪᠤ ᠶ᠋ᠢᠨ ᠬᠦᠦᠷᠨᠢᠬᠦ ᠶᠠᠷᠢᠶ᠎ᠠ ᠨᠢ ᠨᠣᠮ ᠤ᠋ᠨ ᠤᠴᠢᠷ ᠲᠠᠢ
ᠠᠷᠪᠠᠨ ᠪᠤᠶᠠᠨ ᠤ᠋ ᠨᠤᠲᠤᠭ ᠮᠢᠨᠢ ᠭᠤᠷᠪᠠᠨ ᠴᠠᠭ ᠲᠤ᠌ ᠵᠢᠷᠭᠠᠯᠲᠠᠢ᠃
ᠦᠯᠢᠭᠡᠷ ᠳᠣᠮᠣᠭ ᠤ᠋ᠨ ᠳ᠋ᠧᠪᠠᠵᠠᠨ ᠳᠡᠰ ᠦ᠋ᠨ ᠴᠡᠩᠬᠡᠷ ᠨᠤᠲᠤᠭ ᠮᠢᠨᠢ
ᠦᠢᠯᠡᠰ ᠵᠠᠶᠠᠭ᠎ᠠ ᠨᠡᠢᠯᠡᠨ ᠳᠡᠪᠰᠢᠭᠦᠯᠦᠭᠰᠡᠭᠡᠷ
ᠲᠩᠷᠢ ᠶ᠋ᠢᠨ ᠵᠦᠩ ᠲᠡᠢ ᠠᠪᠤ ᠮᠢᠨᠢ ᠠᠪᠤ ᠮᠢᠨᠢ ᠠ᠋᠃
ᠨᠠᠭᠤᠷ ᠤ᠋ᠨ ᠵᠦᠭ ᠦ᠋ᠨ ᠰᠠᠯᠬᠢᠨ ᠨᠢ ᠰᠡᠳᠬᠢᠯ ᠦ᠋ᠨ ᠡᠭᠡᠰᠢᠭ ᠲᠡᠢ
ᠨᠤᠲᠤᠭ ᠤ᠋ᠨ ᠣᠯᠠᠨ ᠳ᠋ᠠᠭᠠᠨ ᠬᠦᠨᠳᠦᠯᠡᠭᠳᠡᠭᠰᠡᠨ ᠠᠪᠤ ᠮᠢᠨᠢ ᠲᠦᠰᠢᠭ ᠲᠡᠢ
ᠴᠠᠭᠠᠨ ᠡᠷᠭᠢ ᠶ᠋ᠢᠨ ᠣᠪᠣᠭ᠎ᠠ ᠨᠢ ᠬᠡᠢᠮᠣᠷᠢ ᠶ᠋ᠢᠨ ᠲᠠᠯᠠᠯᠠᠭ᠎ᠠ ᠲᠠᠢ
ᠴᠠᠭ ᠤ᠋ᠨ ᠴᠠᠭ ᠲᠠᠭᠠᠨ ᠨᠠᠯᠠᠢᠭᠰᠠᠨ ᠳᠡᠰ ᠦ᠋ᠨ ᠭᠣᠣᠯ ᠵᠢᠷᠭᠠᠯᠲᠠᠢ᠃
ᠦᠯᠢᠭᠡᠷ ᠳᠣᠮᠣᠭ ᠤ᠋ᠨ ᠳ᠋ᠧᠪᠠᠵᠠᠨ ᠳᠡᠰ ᠦ᠋ᠨ ᠴᠡᠩᠬᠡᠷ ᠨᠤᠲᠤᠭ ᠮᠢᠨᠢ
ᠦᠢᠯᠡᠰ ᠵᠠᠶᠠᠭ᠎ᠠ ᠨᠡᠢᠯᠡᠨ ᠳᠡᠪᠰᠢᠭᠦᠯᠦᠭᠰᠡᠭᠡᠷ
ᠲᠩᠷᠢ ᠶ᠋ᠢᠨ ᠵᠦᠩ ᠲᠡᠢ ᠠᠪᠤ ᠮᠢᠨᠢ ᠠᠪᠤ ᠮᠢᠨᠢ ᠠ᠋᠃
ᠦᠰᠦᠭ ᠬᠠᠳᠠᠭᠴᠢ᠄ ᠵᠢᠷᠠᠨᠲᠠᠢ
ᠦᠰᠦᠭ ᠠᠮᠢᠯᠠᠭᠤᠯᠤᠭᠴᠢ᠄ ᠤᠤᠭᠠᠨᠵᠢᠳ
ᠬᠢᠨᠠᠭᠴᠢ᠄ ᠮᠡᠷᠭᠡᠨᠪᠢᠯᠢᠭ
