ᠬᠥᠮᠦᠨ ᠲᠥᠷᠥᠯᠬᠢᠲᠡᠨ ᠦ᠌ ᠬᠦᠰᠡᠯᠡᠩ ᠤᠨ ᠡᠯᠴᠢХүн төрлөхтөний хүслэнгийн элч
ᠬᠥᠮᠦᠨ ᠲᠥᠷᠥᠯᠬᠢᠲᠡᠨ ᠦ᠌ ᠬᠦᠰᠡᠯᠡᠩ ᠤᠨ ᠡᠯᠴᠢ
ᠣᠷᠣᠰᠢᠯ
ᠠᠯᠤᠰ ᠮᠣᠰᠺᠸᠠ ᠶ᠋ᠢᠨ ᠺᠷᠸᠮᠯᠢ ᠡᠴᠡ
ᠠᠮᠵᠢᠯᠲᠠ ᠶ᠋ᠢᠨ ᠴᠢᠮᠡᠭᠡ ᠴᠤᠤᠷᠢᠶᠠᠲᠤᠯ᠎ᠠ
ᠠᠭᠤᠤ ᠨᠡᠶ᠋ᠢᠰᠯᠡᠯ ᠪᠡᠭᠡᠵᠢᠩ ᠮᠢᠨᠢ
ᠠᠪᠤᠭᠠᠳ ᠴᠠᠰᠢ ᠨᠢ ᠵᠠᠯᠭᠠᠮᠵᠢᠯᠠᠯᠠ᠃
ᠬᠥᠨᠳᠡᠢ ᠣᠷᠴᠢᠯᠠᠩ ᠳ᠋ᠤ᠌ ᠠᠶᠠᠯᠠᠬᠤ
ᠬᠦᠰᠡᠯᠡᠩ ᠦ᠋ᠨ ᠢᠯᠠᠯᠲᠠ ᠶ᠋ᠢ ᠲᠤᠩᠬᠠᠭᠯᠠᠯᠠ
ᠬᠦᠷᠡᠯ ᠵᠣᠷᠢᠭᠲᠤ ᠭᠠᠭᠠᠷᠢᠨ ᠤ᠋
ᠬᠦᠨᠳᠦᠲᠦ ᠭᠠᠪᠢᠶ᠎ᠠ ᠶ᠋ᠢ ᠨᠠᠶ᠋ᠢᠲᠠᠯᠠᠯᠡ ᠃
ᠥᠨᠢᠷ ᠳᠤᠮᠳᠠᠳᠤ ᠶ᠋ᠢᠨ ᠲᠦᠮᠡᠨ ᠮᠢᠨᠢ ᠴᠦ᠍
ᠥᠨᠳᠥᠷ ᠠᠮᠵᠢᠯᠲᠠ ᠳ᠋ᠤ᠌ ᠪᠠᠶᠠᠷᠯᠠᠯ᠎ᠠ ᠂
ᠡᠪᠦᠭᠡᠨ ᠬᠤᠭᠤᠷᠴᠢ ᠪᠢ ᠴᠦ᠍
ᠦᠷᠦ ᠵᠢᠷᠦᠬᠡᠨ ᠡᠴᠡ ᠬᠥᠪᠬᠢᠯᠡ ᠃
ᠬᠥᠨᠳᠡᠯᠡᠨ ᠴᠢᠬᠢᠲᠡᠢ ᠬᠤᠭᠤᠷ ᠢ᠋ᠶ᠋ᠠᠨ
ᠬᠥᠭᠯᠡᠭᠦᠯᠵᠦ ᠠᠳᠬᠤᠭᠠᠳ ᠰᠠᠭᠤᠯ᠎ᠠ
ᠬᠥᠮᠦᠨ ᠲᠥᠷᠥᠯᠬᠢᠲᠡᠨ ᠦ᠌ ᠬᠣᠰᠢᠭᠤᠴᠢ
ᠬᠦᠰᠡᠯᠡᠩ ᠦ᠋ᠨ ᠡᠯᠴᠢ ᠶ᠋ᠢ ᠮᠠᠭᠲᠠᠶ᠎ᠠ !
ᠲᠩᠷᠢ ᠨᠠᠷᠠᠨ ᠢ᠋ᠶ᠋ᠠᠷ ᠠᠶᠠᠯᠠᠭᠰᠠᠨ ᠢ᠋ ᠨᠢ
ᠲᠤ᠋ᠬᠡᠡ ᠡᠴᠡ ᠦᠨᠳᠦᠰᠦᠯᠡᠨ ᠬᠣᠯᠪᠣᠶ᠎ᠠ
ᠲᠢᠪ ᠶᠢᠷᠲᠢᠨᠴᠦ ᠶᠢ ᠳᠠᠭᠤᠷᠢᠰᠲᠠᠯᠠ
ᠲᠦᠮᠡᠨ ᠳ᠋ᠡᠭᠡᠨ ᠰᠣᠨᠣᠰᠬᠠᠨ ᠳᠠᠭᠤᠯᠠᠶ᠎ᠠ !
ᠨᠢᠭᠡ
ᠭᠠᠯᠠᠪ ᠳᠡᠯᠡᠬᠡᠢ ᠶᠢᠷᠲᠢᠨᠴᠦ ᠶᠢ ᠪᠥᠳᠦᠬᠡᠭ᠌ᠰᠡᠠ ᠡᠴᠡ ᠨᠠᠰᠢ
ᠭᠠᠩᠭ᠎ᠠ ᠮᠥᠷᠡᠨ ᠦ᠌ ᠤᠰᠤ ᠶ᠋ᠢ ᠪᠢᠯᠬᠠᠬᠰᠠᠡ ᠡᠴᠡ ᠨᠡᠰᠢ
ᠭᠠᠨᠳᠢᠭ᠋ ᠰᠦᠮᠪᠦᠷ ᠠᠭᠤᠯᠠ ᠶ᠋ᠢ ᠲᠣᠬᠳᠠᠬᠰᠠᠡ ᠡᠴᠡ ᠨᠡᠰᠢ
ᠭᠠᠯ ᠬᠦᠷᠳᠦᠨ ᠨᠠᠷᠠᠨ ᠢ᠋ ᠬᠡᠷᠡᠯᠳᠦᠭ᠌ᠰᠡᠠ ᠡᠴᠡ ᠨᠠᠰᠢ
ᠣᠷᠴᠢᠯᠠᠩ ᠤ᠋ᠨ ᠬᠥᠮᠦᠰ ᠴᠥᠮ ᠢ᠋ᠶ᠋ᠡᠷ ᠢ᠋ᠶ᠋ᠡᠨ
ᠣᠭᠲᠠᠷᠭᠤᠢ ᠶᠢᠨ ᠵᠦᠭ ᠪᠠᠷᠠᠯᠠᠳᠠᠭ
ᠣᠳᠣᠨ ᠮᠡᠴᠢᠳ ᠢ᠋ ᠠᠵᠢᠭᠯᠠᠭᠠᠳ
ᠣᠯᠠᠨ ᠶᠠᠭᠤᠮ᠎ᠠ ᠶ᠋ᠢ ᠪᠣᠳᠣᠳᠠᠭ ᠃
ᠣᠭᠲᠠᠷᠭᠤᠢ ᠳ᠋ᠤ᠌ ᠨᠢᠰᠴᠦ ᠴᠢᠳᠠᠪᠠᠯ ᠠ᠋
ᠣᠳᠣᠨ ᠣᠷᠣᠨ ᠢ᠋ᠶ᠋ᠠᠷ ᠠᠶᠠᠯᠠᠬᠤ ᠶᠤᠮᠰᠠᠨ
ᠲᠩᠷᠢ ᠳ᠋ᠤ᠌ ᠭᠠᠷᠴᠤ ᠴᠢᠳᠠᠪᠠᠯ ᠠ᠋
ᠲᠡᠷᠭᠡᠯ ᠰᠠᠷᠠᠨ ᠳ᠋ᠤ᠌ ᠠᠢᠯᠴᠢᠯᠠᠬᠤ ᠶᠤᠮᠰᠠᠨ ᠃
ᠡᠭᠦᠯᠡᠨ ᠳ᠋ᠦ᠍ ᠰᠠᠭᠤᠭᠠᠳ ᠭᠠᠷᠤᠶ᠎ᠠ ᠭᠡᠬᠦᠯᠡᠷ
ᠲᠣᠭᠲᠠᠵᠤ ᠥᠭᠬᠦ ᠦᠭᠡᠢ ᠵᠣᠪᠠᠭᠠᠨ᠎ᠠ
ᠥᠨᠳᠥᠷ ᠱᠠᠲᠤ ᠲᠠᠯᠪᠢᠶ᠎ᠠ ᠭᠡᠬᠦᠯᠡᠷ
ᠬᠦᠷᠴᠦ ᠥᠭᠬᠦ ᠦᠭᠡᠢ ᠬᠦᠴᠢᠷᠳᠡᠭᠦᠯᠦᠨᠡ ᠃
ᠥᠲᠥᠨ ᠵᠢᠭᠦᠷᠲᠡᠨ ᠢ᠋ ᠤᠨᠤᠶ᠎ᠠ ᠭᠡᠬᠦᠯᠡᠷ
ᠪᠣᠯᠵᠤ ᠥᠭᠬᠦ ᠦᠭᠡᠢ ᠭᠠᠴᠢᠭᠳᠠᠭᠤᠯᠤᠨᠠ
ᠥᠪᠡᠷ ᠢ᠋ᠶ᠋ᠡᠨ ᠲᠩᠳᠡᠬᠡᠳ ᠨᠢᠰᠴᠢᠬᠡᠶᠡ ᠭᠡᠬᠦᠯᠡᠷ
ᠵᠢᠭᠦᠷ ᠦᠭᠡᠢ ᠳ᠋ᠡᠭᠡᠨ ᠲᠦᠪᠡᠭᠳᠡᠨ᠎ᠡ ᠃
ᠽᠠᠮᠪᠤᠲᠢᠪ ᠤ᠋ᠨ ᠬᠥᠮᠦᠰ ᠦ᠋ᠨ
ᠰᠠᠨᠠᠭ᠎ᠠ ᠰᠠᠨᠰᠠᠷ ᠲᠤ᠌ ᠲᠡᠮᠡᠦᠯᠵᠦ
ᠰᠠᠷᠠᠨ ᠨᠠᠷᠠᠨ ᠣᠳᠣᠨ ᠤ᠋ ᠲᠤᠬᠠᠢ
ᠰᠠᠢᠬᠠᠨ ᠲᠣᠮᠣᠭ ᡂᠨ ᠢ᠋ ᠶᠠᠷᠢᠯᠴᠠᠨ᠎ᠠ ᠃
ᠰᠠᠷᠠᠨ ᠪ ᠳᠣᠲᠣᠷ᠎ᠠ ᠽᠠᠨᠳᠠᠨ ᠮᠣᠳᠣ
ᠰᠠᠯᠠᠭ᠎ᠠ ᠪᠡᠨ ᠳᠠᠭᠠᠭᠠᠳ ᠰᠡᠭᠦᠳᠡᠷ ᠲᠡᠢ
ᠴᠠᠭᠠᠲᠠᠢ ᠨᠠᠭᠠᠲᠠᠢ ᠲᠠᠯ᠎ᠠ ᠳ᠋ᠤᠨᠢ
ᠴᠠᠭᠠᠨ ᠳᠤᠯᠠᠢ ᠶᠢᠨ ᠬᠡᠪᠲᠡᠰᠢ ᠲᠡᠢ ᠃
ᠨᠠᠷᠠᠨ ᠤ᠋ ᠳᠣᠲᠣᠷ᠎ᠠ ᠨᠠᠷᠠᠰᠤᠨ ᠮᠣᠳᠣ
ᠨᠠᠮᠠᠭ᠎ᠠ ᠪᠡᠨ ᠳᠠᠭᠠᠭᠠᠳ ᠰᠡᠭᠦᠳᠡᠷ ᠲᠡᠢ
ᠳᠡᠷᠭᠡᠳᠡᠬᠢ ᠠᠯᠲᠠᠨ ᠲᠠᠬᠢᠶ᠎ᠠ ᠨᠢ
ᠳᠡᠭᠡᠷ᠎ᠡ ᠬᠣᠩᠭᠣᠷ ᠳᠠᠭᠤᠨ ᠲᠠᠢ ᠃
ᠬᠠᠨ ᠬᠤᠷᠮᠤᠰᠲᠠ ᠲᠩᠷᠢ ᠶ᠋ᠢ
ᠬᠠᠯᠳᠠᠵᠤ ᠦᠢᠮᠡᠭᠦᠯᠵᠦ ᠶᠠᠪᠤᠭᠰᠠᠨ
ᠬᠠᠮᠤᠭ ᠳᠠᠯᠠᠢ ᠶᠢᠨ ᠯᠤᠤᠰ ᠢ
ᠬᠠᠰᠢᠷᠠᠭᠠᠵᠤ ᠠᠶᠤᠯᠭᠠᠨ ᠠᠪᠤᠭᠰᠠᠨ
ᠣᠮᠣᠭᠲᠤ ᠪᠠᠭᠠᠲᠤᠷ ᠪᠡᠴᠢᠨ ᠪᠠᠭᠰᠢ ᠯᠠ
ᠣᠳᠣᠨ ᠣᠷᠣᠨ ᠢ᠋ ᠲᠣᠭᠣᠷᠢᠭᠰᠠᠨ ᠭᠡᠨ᠎ᠡ ᠂
ᠣᠯᠠᠨ ᠳᠠᠬᠢᠨ ᠲᠦᠢᠪᠡᠭᠡᠳᠡᠭ
ᠣᠨᠴᠠ ᠶ᠋ᠢᠨ ᠰᠢᠳᠢᠲᠡᠢ ᠪᠠᠢᠭᠰᠠᠨ ᠭᠡᠨ᠎ᠡ ᠃
ᠣᠷᠴᠢᠯᠠᠩ ᠤ᠋ᠨ ᠡᠵᠡᠨ ᠭᠡᠰᠡᠷ
ᠣᠳᠣᠨ ᠭᠠᠷᠠᠭ ᠪᠠᠭᠤᠵᠤ ᠢᠷᠡᠨ
ᠮᠠᠩᠭᠤᠰ ᠰᠢᠮᠨᠤᠰ ᠢ ᠳᠠᠷᠤᠵᠤ
ᠮᠠᠭᠲᠠᠭᠠᠯ ᠠᠯᠳᠠᠷ ᠢ᠋ᠶ᠋ᠠᠨ ᠳᠠᠭᠤᠷᠢᠰᠤᠭᠤᠯᠤᠭᠰᠠᠨ ᠭᠡᠨ᠎ᠡ ᠃
ᠬᠤᠪᠢᠯᠭᠠᠨ ᠰᠢᠳᠢᠲᠦ ᠪᠠᠭᠠᠲᠤᠷ ᠤ᠋ᠳ
ᠬᠣᠵᠢᠮ ᠪᠠᠰᠠ ᠭᠠᠷᠬᠤ ᠶᠤᠮ ᠭᠡᠨ᠎ᠡ
ᠬᠣᠷᠸ᠎ᠠ ᠰᠠᠨᠰᠠᠷ ᠢᠶᠡᠷ ᠠᠶᠠᠯᠠᠵᠤ
ᠬᠣᠲᠠᠯᠠ ᠣᠯᠠᠨ ᠢ᠋ ᠠᠮᠠᠷᠠᠭᠤᠯᠤᠨ᠎ᠠ ᠭᠡᠨ᠎ᠡ ᠃
ᠤᠷᠲᠤ ᠨᠠᠰᠤᠲᠠᠨ ᠤ᠋ ᠲᠣᠮᠣᠭ ᠤᠳ
ᠤᠷᠤᠰᠬᠤ ᠤᠰᠤ ᠮᠡᠲᠦ ᠦᠷᠭᠦᠯᠵᠢᠯᠡᠳᠡᠭ
ᠤᠯᠠᠭᠠᠨ ᠭᠡᠷᠡᠯᠲᠦ ᠣᠳᠣᠨ ᠳᠡᠭᠡᠷ᠎ᠡ
ᠣᠶᠤᠨ ᠤ᠋ ᠪᠠᠭᠠᠲᠤᠷ ᠢ᠋ᠶ᠋ᠠᠨ ᠣᠴᠢᠭᠤᠯᠳᠠᠭ
ᠬᠣᠶᠠᠷ
ᠡᠵᠡᠷᠬᠡᠭ ᠬᠠᠭᠠᠨ ᠨᠣᠶᠠᠨ ᠭᠡᠭᠴᠢ
ᠡᠭᠡᠯ ᠠᠷᠠᠳ ᠢ᠋ ᠵᠠᠭᠤᠳᠠᠭ
ᠡᠳᠡᠨ ᠢ᠋ ᠪᠤᠤ ᠯᠠ ᠥᠨᠲᠡᠶ᠋ᠢᠯᠭᠡ ᠭᠡᠵᠦ
ᠡᠪᠴᠢᠭᠦᠦ ᠴᠡᠭᠡᠵᠢᠨ ᠳ᠋ᠡᠭᠡᠨ ᠪᠣᠳᠣᠳᠠᠭ ᠃
《 ᠠᠷᠠᠳ ᠤ᠋ᠨ ᠤᠬᠠᠭᠠᠨ ᠬᠡᠲᠦᠷᠡᠪᠡᠯ
ᠠᠯᠤᠰ ᠲᠠᠭᠠᠨ ᠶᠠᠭᠠᠬᠢᠭᠰᠠᠨ ᠴᠤ᠌ ᠮᠠᠭᠤ 》 ᠭᠡᠵᠦ
ᠠᠩᠬᠠᠷᠴᠤ ᠰᠤᠳᠤᠯᠬᠤ ᠶ᠋ᠢ ᠴᠠᠭᠠᠵᠠᠯᠠᠵᠤ
ᠠᠶᠤᠯᠭᠠᠨ ᠰᠦᠷᠳᠡᠭᠦᠯᠵᠦ ᠪᠠᠢᠳᠠᠭ ᠃
ᠬᠣᠷᠸ᠎ᠠ ᠶᠢ ᠵᠣᠬᠢᠷᠬᠤ ᠬᠠᠭᠠᠨ ᠪᠣᠯ
ᠬᠤᠷᠮᠤᠰᠲᠠ ᠲᠩᠷᠢ ᠶ᠋ᠢᠨ ᠬᠦᠦ ᠶᠦ᠍ᠮ
ᠬᠣᠷᠮᠣᠢ ᠶ᠋ᠢ ᠨᠢ ᠡᠷᠭᠦᠬᠦ ᠨᠣᠶᠠᠳ ᠨᠢ ᠪᠣᠯ
ᠬᠤᠪᠢᠯᠭᠠᠨ ᠲᠩᠷᠢ ᠡᠴᠡ ᠡᠰᠢ ᠲᠠᠢ ᠶᠤᠮ ᠃
ᠠᠯᠢᠮᠠᠳ ᠳᠡᠯᠡᠬᠡᠢ ᠶ᠋ᠢᠨ ᠬᠠᠭᠠᠨ ᠪᠣᠯ
ᠠᠯᠲᠠᠨ ᠯᠤᠤ ᠶ᠋ᠢᠨ ᠬᠤᠪᠢᠯᠭᠠᠨ ᠶᠤᠮ
ᠠᠷᠤ ᠳ᠋ᠤᠨᠢ ᠳᠠᠭᠠᠯᠳᠤᠬᠤ ᠲᠦᠰᠢᠮᠡᠳ ᠪᠣᠯ
ᠠᠭᠠᠷ ᠲᠤ᠌ ᠴᠥᠮ ᠢ᠋ᠶ᠋ᠡᠷ ᠢ᠋ᠶ᠋ᠡᠨ ᠣᠳᠣᠨ ᠲᠡᠢ ᠶᠦ᠍ᠮ ᠃
ᠬᠠᠷᠠᠴᠤ ᠪᠣᠭᠣᠯ ᠠᠷᠠᠳ ᠭᠡᠭᠴᠢ
ᠬᠠᠮᠢᠭ᠎ᠠ ᠬᠦᠷᠦᠭᠰᠡᠨ ᠴᠦ᠍ ᠳᠡᠪᠦᠯᠬᠦ ᠦᠭᠡᠢ ᠶᠦ᠍ᠮ
ᠬᠠᠷᠠᠭᠳᠠᠬᠤ ᠣᠳᠣᠨ ᠮᠡᠴᠢᠳ ᠴᠦ᠍
ᠬᠢᠨᠠᠵᠤ ᠰᠢᠷᠳᠡᠵᠦ ᠪᠠᠢᠳᠠᠭ ᠶᠤᠮ ᠃
ᠡᠵᠡᠨ ᠬᠠᠭᠠᠨ ᠳ᠋ᠠᠭᠠᠨ ᠵᠢᠳᠬᠦᠵᠦ ᠶᠠᠪᠤ
ᠡᠴᠢᠭᠡ ᠲᠩᠷᠢ ᠳ᠋ᠡᠭᠡᠨ ᠵᠠᠯᠪᠠᠷᠢᠵᠤ ᠶᠠᠪᠤ
ᠣᠳᠣᠨ ᠭᠠᠷᠠᠭ ᠲᠤ᠌ ᠮᠥᠷᠭᠥᠵᠦ ᠶᠠᠪᠤ
ᠣᠨᠳᠣᠣ ᠪᠢᠲᠡᠭᠡᠢ ᠠᠭᠠᠰᠢᠯᠠᠵᠤ ᠶᠠᠪᠤ ᠃
ᠦᠢᠯᠡ ᠲᠠᠮᠤ ᠶ᠋ᠢ ᠲᠡᠰᠴᠦ ᠶᠠᠪᠤ
ᠦᠬᠦᠬᠦ ᠴᠠᠭ ᠢ᠋ᠶ᠋ᠠᠨ ᠬᠦᠯᠢᠶᠡᠵᠦ ᠶᠠᠪᠤ
ᠨᠣᠮᠣᠬᠠᠨ ᠰᠢᠳᠤᠷᠭᠤ ᠵᠠᠷᠤᠭᠳᠠᠵᠤ ᠶᠠᠪᠤ
ᠨᠣᠮ ᠤ᠋ᠨ ᠶᠣᠰᠣ ᠶ᠋ᠢ ᠳᠠᠭᠠᠵᠤ ᠶᠠᠪᠤ ᠃
ᠡᠨᠡ ᠪᠦᠬᠦᠨ ᠢ ᠵᠥᠷᠢᠴᠡᠳᠡᠭ ᠪᠣᠯ
ᠡᠴᠢᠭᠡ ᠲᠩᠷᠢ ᠠᠭᠤᠷᠯᠠᠬᠤ ᠶᠤᠮ
ᠡᠨᠳᠡᠭᠦᠦ ᠪᠤᠷᠤᠭᠤ ᠭᠢᠰᠬᠢᠳᠡᠭ ᠪᠣᠯ
ᠡᠰᠡᠷᠸ᠎ᠠ ᠶᠢᠨ ᠣᠳᠣᠳ ᠬᠡᠯᠢᠡᠭᠯᠡᠬᠦ ᠶᠦ᠍ᠮ ᠭᠡᠵᠦ
ᠪᠤᠷᠬᠠᠨ ᠲᠩᠷᠢ ᠬᠣᠶᠠᠷ ᠢᠶᠡᠷ
ᠲᠡᠳᠡ ᠠᠷᠠᠳ ᠢ᠋ ᠮᠡᠬᠡᠯᠡᠳᠡᠭ ᠂
ᠪᠤᠶᠠᠨ ᠵᠠᠶᠠᠭ᠎ᠠ ᠬᠣᠶᠠᠷ ᠢ᠋ᠶ᠋ᠠᠷ
ᠲᠡᠳᠡ ᠠᠷᠠᠳ ᠢ᠋ ᠬᠠᠭᠤᠷᠳᠠᠭ ᠃
ᠣᠳᠣᠨ ᠭᠠᠷᠠᠭ ᠪᠦᠬᠦᠨ ᠢ᠋ᠶ᠋ᠡᠷ ᠴᠦ᠍
ᠲᠡᠳᠡ ᠠᠷᠠᠳ ᠢ᠋ ᠰᠦᠷᠳᠡᠭᠦᠯᠳᠡᠭ
ᠣᠭᠲᠠᠷᠭᠤᠢ ᠶ᠋ᠢᠨ ᠨᠠᠷᠠᠨ ᠰᠠᠷᠠᠨ ᠢ᠋ᠶ᠋ᠠᠷ ᠴᠤ᠌
ᠲᠡᠳᠡ ᠠᠷᠠᠳ ᠢ᠋ ᠠᠶᠤᠯᠭᠠᠳᠠᠭ ᠃
ᠭᠤᠷᠪᠠ
ᠬᠠᠷᠠᠴᠤ ᠠᠷᠠᠳ ᠊ᠢ ᠮᠡᠬᠡᠯᠡᠬᠦ ᠪᠡᠷ
ᠬᠠᠭᠤᠴᠢᠨ ᠨᠣᠶᠠᠳ ᠣᠷᠣᠯᠳᠣᠭᠰᠠᠨ ᠴᠤ᠌
ᠬᠠᠷᠠᠩᠭᠤᠢ ᠰᠦᠰᠦᠭ ᠦ᠋ᠨ ᠲᠠᠷᠨᠢ ᠶ᠋ᠢ
ᠬᠠᠷᠭᠢᠰ ᠵᠠᠯᠢᠲᠠᠳ ᠪᠢᠰᠢᠯᠭᠠᠭᠰᠠᠨ ᠴᠤ᠌
ᠰᠠᠨᠰᠠᠷ ᠲᠤ᠌ ᠭᠠᠷᠬᠤ ᠬᠦᠰᠡᠯ ᠢ᠋ᠶ᠋ᠡᠨ
ᠰᠠᠨᠠᠭᠠᠨ ᠠ᠋ᠴᠠ ᠪᠠᠨ ᠰᠢᠨᠵᠢᠯᠡᠭᠴᠢᠳ ᠬᠠᠶᠠᠭᠰᠠᠨ ᠦᠭᠡᠢ ᠂
ᠰᠠᠷᠠᠨ ᠳ᠋ᠤ᠌ ᠬᠦᠷᠬᠦ ᠡᠷᠡᠮᠡᠯᠵᠡᠯ ᠢ᠋ᠶ᠋ᠡᠨ
ᠰᠠᠷᠨᠢᠭᠤᠯᠵᠤ ᠰᠤᠳᠤᠯᠤᠭᠴᠢᠳ ᠣᠷᠬᠢᠭᠰᠠᠨ ᠦᠭᠡᠢ ᠃
ᠲᠦᠮᠡᠨ ᠠᠷᠠᠳ ᠳᠣᠲᠣᠷ᠎ᠠ ᠠ᠋ᠴᠠ ᠪᠠᠨ
ᠲᠡᠭᠦᠰ ᠪᠢᠯᠢᠭᠲᠡᠨ ᠊ᠢ ᠲᠥᠷᠥᠭᠦᠯᠵᠦ
ᠪᠣᠮᠠᠨ ᠠᠷᠠᠳ ᠳᠣᠲᠣᠷ᠎ᠠ ᠠ᠋ᠴᠠ ᠪᠠᠨ
ᠪᠣᠳᠣᠯᠭᠠᠲᠤ ᠮᠡᠷᠭᠡᠳ ᠊ᠢ ᠬᠥᠮᠦᠵᠢᠭᠦᠯᠵᠦ
ᠪᠤᠷᠠᠬᠠ ᠲᠩᠷᠢ ᠶ᠋ᠢ ᠢᠲᠡᠭᠡᠯ ᠦᠭᠡᠢ
ᠪᠣᠳᠠᠰ ᠤ᠋ᠨ ᠵᠦᠢ ᠶ᠋ᠢ ᠨᠠᠷᠢᠪᠴᠢᠯᠠᠨᠠ ᠂
ᠪᠣᠳᠣ ᠦᠭᠡᠢ ᠳᠣᠮᠣᠭ ᠢ᠋ᠶ᠋ᠠᠨ ᠣᠷᠬᠢᠵᠤ
ᠪᠣᠳᠣᠵᠤ ᠰᠤᠳᠤᠯᠤᠨ ᠨᠢᠭᠲᠠᠯᠠᠨᠠ
ᠳᠤᠷᠠᠨ ᠰᠢᠯ ᠊ᠢ ᠪᠡᠯᠡᠳᠬᠡᠭᠡᠳ
ᠳᠤᠯᠠᠯᠵᠠᠬᠤ ᠣᠳᠣᠨ ᠊ᠢ ᠴᠦ᠍ ᠱᠡᠭᠠᠶ᠋ᠢᠯᠠ᠃
ᠪᠢᠯᠢᠭ ᠦ᠋ᠨ ᠨᠢᠳᠦ ᠶ᠋ᠢ ᠵᠣᠬᠢᠶᠠᠭᠠᠳ
ᠪᠢᠨᠳᠠᠷᠢᠶ᠎ᠠ ᠰᠠᠷᠠᠨ ᠊ᠢ ᠴᠦ᠍ ᠰᠢᠨᠵᠢᠯᠡ ᠃
ᠭᠠᠷᠬᠤ ᠨᠠᠷᠠ ᠶ᠋ᠢ ᠦᠵᠡᠬᠦᠯᠡᠷ
ᠭᠠᠯ ᠪᠥᠮᠪᠥᠭᠡ ᠰᠢᠭ ᠬᠠᠷᠠᠭᠳᠠᠵᠠᠢ
ᠭᠠᠷᠠᠭ ᠣᠳᠣᠳ ᠊ᠢ ᠬᠠᠷᠠᠬᠤᠯᠠᠷ
ᠭᠠᠩᠭᠠᠭ᠌ ᠭᠣᠶᠣᠮᠰᠣᠭ ᠦᠵᠡᠭᠳᠡᠵᠡᠢ᠃
ᠶᠠᠩᠵᠤ ᠪᠣᠯᠭᠠᠨ ᠢ᠋ᠶ᠋ᠠᠷ ᠰᠢᠨᠵᠢᠭᠰᠡᠨ ᠴᠦ᠍
ᠶᠠᠭ ᠪᠠᠶ᠋ᠢᠲᠠᠯ ᠨᠢ ᠣᠯᠳᠠᠭᠰᠠᠨ ᠦᠭᠡᠢ
ᠶᠠᠮᠠᠷ ᠊ᠢ ᠨᠢ ᠣᠴᠢᠭᠠᠳ ᠦᠵᠡᠶ᠎ᠡ ᠭᠡᠬᠦᠯᠡᠷ
ᠶᠠᠪᠤᠬᠤ ᠴᠢᠳᠠᠯ ᠬᠦᠷᠦᠯᠴᠡᠭᠰᠡᠨ ᠦᠭᠡᠢ ᠃
ᠰᠠᠨᠠᠭ᠎ᠠ ᠬᠡᠳᠦᠢ ᠪᠠᠶ᠋ᠢᠬᠰᠠᠨ ᠴᠤ᠌
ᠰᠠᠷᠪᠠᠶ᠋ᠢᠬᠤ ᠭᠠᠷ ᠨᠢ ᠬᠦᠷᠦᠭᠰᠡᠨ ᠦᠭᠡᠢ
ᠰᠠᠷᠠᠨ ᠳ᠋ᠤ᠌ ᠠᠶᠠᠯᠠᠬᠤ ᠶ᠋ᠢ ᠭᠣᠷᠢᠯᠠᠭᠰᠠᠨ ᠴᠤ᠌
ᠰᠠᠮᠠᠭᠤᠨ ᠨᠡᠶ᠋ᠢᠭᠡᠮ ᠳ᠋ᠦ᠍ ᠪᠦᠲᠦᠭᠰᠡᠨ ᠦᠭᠡᠢ
ᠬᠠᠶ᠋ᠢᠲᠠᠩ ᠴᠡᠴᠡᠭ ᠤᠷᠭᠤᠭᠰᠠᠨ ᠴᠤ᠌
ᠬᠠᠮᠬᠤᠤᠯ ᠳ᠋ᠤ᠌ ᠪᠣᠭᠣᠭᠳᠠᠭᠠᠳ ᠳᠡᠯᠭᠡᠷᠡᠭᠰᠡᠨ ᠦᠭᠡᠢ
ᠬᠠᠶ᠋ᠢᠷᠠᠨ ᠡᠷᠳᠡᠮᠲᠡᠨ ᠭᠠᠷᠤᠭᠰᠠᠨ ᠴᠤ᠌
ᠬᠠᠷᠠᠩᠭᠤᠢ ᠨᠡᠶ᠋ᠢᠭᠡᠮ ᠳ᠋ᠦ᠍ ᠪᠣᠯᠤᠭᠰᠠᠨ ᠦᠭᠡᠢ ᠃
ᠰᠠᠷᠠᠯᠠᠩ ᠬᠤᠸᠠᠷ ᠨᠢ ᠤᠷᠭᠤᠭᠰᠠᠨ ᠴᠤ᠌
ᠰᠢᠷᠠᠯᠵᠢᠨ ᠳ᠋ᠤ᠌ ᠪᠣᠭᠣᠭᠳᠠᠭᠠᠳ ᠳᠡᠯᠭᠡᠷᠡᠭᠰᠡᠨ ᠦᠭᠡᠢ
ᠰᠢᠯᠢᠳᠡᠭ ᠮᠡᠷᠭᠡᠳ ᠲᠥᠷᠥᠭᠰᠡᠨ ᠴᠦ᠍
ᠰᠢᠪᠰᠢᠭᠲᠦ ᠨᠡᠶ᠋ᠢᠬᠡᠮ ᠳ᠋ᠦ᠍ ᠪᠦᠲᠦᠭᠰᠡᠨ ᠦᠭᠡᠢ ᠃
ᠳᠥᠷᠪᠡ
ᠮᠠᠨᠠᠨ ᠡᠭᠦᠯᠡ ᠶ᠋ᠢ ᠨᠡᠪᠲᠡᠯᠦᠭᠡᠳ
ᠤᠯᠠᠭᠠᠨ ᠨᠠᠷᠠᠨ ᠮᠠᠨᠳᠤᠭᠰᠠᠨ ᠶᠤᠮ
ᠮᠠᠩᠭᠤᠰ ᠤ᠋ᠨ ᠨᠣᠮᠯᠠᠯ ᠊ᠢ ᠨᠢᠴᠤᠭᠠᠭᠠᠳ
ᠮᠠᠷᠺᠰ ᠤ᠋ᠨ ᠣᠨᠣᠯ ᠮᠠᠨᠳᠤᠯᠠᠭᠰᠠᠨ ᠶᠤᠮ ᠃
ᠨᠠᠪᠴᠢᠨ ᠤ᠋ ᠲᠣᠭᠣᠰᠣ ᠶ᠋ᠢ ᠴᠡᠪᠡᠷᠯᠡᠬᠦ ᠪᠡᠷ
ᠨᠠᠮᠢᠷᠠᠭ᠎ᠠ ᠬᠤᠷ᠎ᠠ ᠨᠢ ᠠᠰᠬᠠᠷᠠᠭᠰᠠᠨ ᠶᠤᠮ
ᠨᠢᠭᠦᠯᠲᠦ ᠣᠷᠴᠢᠯᠠᠩ ᠊ᠢ ᠥᠭᠡᠷᠡᠴᠢᠯᠡᠬᠦ ᠪᠡᠷ
ᠨᠡᠶ᠋ᠢᠭᠡᠮ ᠵᠢᠷᠤᠮ ᠮᠠᠨᠳᠤᠯᠠᠭᠰᠠᠨ ᠶᠤᠮ ᠃
ᠪᠣᠷᠣ ᠡᠯᠡᠰᠦᠨ ᠦ᠌ ᠳᠣᠣᠷ᠎ᠠ ᠠ᠋ᠴᠠ
ᠪᠤᠯᠠᠭ ᠴᠣᠷᠭᠢᠨ ᠣᠷᠭᠢᠯᠤᠭᠰᠠᠨ ᠶᠤᠮ
ᠪᠤᠭ ᠰᠢᠮᠨᠤᠰ ᠊ᠢ ᠳᠠᠷᠤᠩᠭᠤᠶ᠋ᠢᠯᠠᠭᠠᠳ
ᠪᠣᠰᠴᠤ ᠵᠥᠪᠯᠡᠯᠲᠦ ᠲᠣᠭᠲᠠᠨᠢᠭᠰᠠᠨ ᠶᠤᠮ ᠃
ᠨᠠᠭᠤᠷ ᠨᠠᠶ᠋ᠢᠬᠠᠨ ᠳᠣᠲᠣᠷ᠎ᠠ
ᠯᠢᠩᠬᠤ᠎ᠠ ᠴᠡᠴᠡᠭ ᠳᠦᠭᠦᠷᠦᠯ᠎ᠡ
ᠨᠡᠶ᠋ᠢᠭᠡᠮ ᠵᠢᠷᠤᠮᠲᠤ ᠤᠯᠤᠰ ᠲᠤ᠌
ᠡᠷᠳᠡᠮᠲᠡᠨ ᠣᠯᠠᠨ ᠴᠣᠯᠭᠣᠷᠠᠯᠠ ᠃
ᠪᠤᠯᠠᠭᠳᠠᠵᠤ ᠪᠠᠶ᠋ᠢᠬᠰᠠᠨ ᠴᠡᠴᠡᠭ ᠦ᠋ᠳ
ᠪᠤᠲᠠᠷᠠᠨ ᠪᠠᠳᠠᠷᠠᠨ ᠳᠡᠯᠭᠡᠷᠡᠯ᠎ᠡ
ᠪᠣᠭᠣᠭᠳᠠᠵᠤ ᠪᠠᠶ᠋ᠢᠬᠰᠠᠨ ᠠᠷᠠᠳ ᠦ᠋ᠳ
ᠪᠤᠯᠲᠤ ᠪᠠᠷ ᠢ᠋ᠶ᠋ᠠᠨ ᠮᠡᠷᠭᠡᠳ ᠪᠤᠯᠵᠠᠭᠠᠯ᠎ᠠ ᠃
ᠬᠦᠰᠡᠯ ᠦ᠋ᠨ ᠮᠠᠩᠯᠠᠢ ᠴᠡᠴᠡᠭ ᠦ᠋ᠳ
ᠬᠥᠷᠥᠰᠥ ᠪᠡᠨ ᠢᠷᠡᠨ ᠢᠨᠢᠶᠡᠯ᠎ᠡ
ᠬᠥᠳᠡᠯᠮᠦᠷᠢᠴᠢᠨ ᠲᠦᠮᠡᠨ ᠦ᠌ ᠪᠦᠲᠦᠭᠡᠯ ᠨᠢ
ᠬᠥᠪᠴᠢᠨ ᠳᠡᠯᠡᠬᠡᠢ ᠶ᠋ᠢ ᠳᠣᠩᠰᠣᠯᠭᠠᠯ᠎ᠠ ᠃
ᠭᠠᠯᠠᠪ ᠲᠦ ᠦᠭᠡᠢ ᠵᠦᠢᠯᠡᠰ ᠊ᠢ
ᠭᠠᠶ᠋ᠢᠬᠠᠯᠲᠠᠢ ᠰᠠᠢᠬᠠᠨ ᠢ᠋ᠶ᠋ᠠᠷ ᠡᠭᠦᠳᠦᠯ᠎ᠡ
ᠭᠠᠩ ᠪᠣᠯᠣᠳ ᠤ᠋ᠨ ᠤᠷᠤᠰᠬᠠᠯ ᠢ᠋ᠶ᠋ᠠᠨ
ᠭᠠᠩᠭ᠎ᠠ ᠮᠥᠷᠡᠨ ᠰᠢᠭ ᠴᠠᠯᠭᠢᠭᠤᠯᠤᠯᠠ ᠃
ᠥᠭ᠍ᠭᠢᠶᠡᠮᠦᠷ ᠰᠠᠢᠬᠠᠨ ᠲᠠᠷᠢᠶ᠎ᠠ ᠪᠠᠨ
ᠡᠭᠦᠯᠡᠨ ᠳ᠋ᠦ᠍ ᠲᠤᠯᠲᠠᠯ᠎ᠠ ᠤᠷᠭᠤᠭᠤᠯᠤᠯᠠ
ᠦᠨᠡᠲᠦ ᠡᠷᠳᠡᠨᠢ ᠶ᠋ᠢᠨ ᠮᠥᠬᠥᠯᠢᠭ ᠊ᠢ ᠨᠢ
ᠣᠳᠣᠨ ᠳ᠋ᠤ᠌ ᠲᠤᠯᠲᠠᠯ᠎ᠠ ᠣᠪᠣᠭᠠᠯᠠᠯᠠ ᠃
ᠥᠮᠥᠭ ᠲᠦᠰᠢᠭ᠍ᠲᠦ ᠪᠠᠭᠠᠲᠤᠷ ᠦ᠋ᠳ ᠢ᠋ᠶ᠋ᠡᠷ ᠢ᠋ᠶ᠋ᠡᠨ
ᠥᠯᠥᠭᠡᠢ ᠬᠢᠯᠢ ᠪᠡᠨ ᠬᠠᠮᠠᠭᠠᠯᠠᠭᠤᠯᠤᠯᠠ
ᠥᠩᠭᠡᠯᠵᠡᠵᠦ ᠢᠷᠡᠬᠦ ᠳᠠᠶ᠋ᠢᠰᠤᠨ ᠊ᠢ
ᠥᠯᠮᠡᠢ ᠳᠣᠣᠷ᠎ᠠ ᠪᠠᠨ ᠳᠠᠷᠤᠩᠭᠤᠶ᠋ᠢᠯᠠᠯᠠ ᠃
ᠠᠷᠠᠳ ᠲᠦᠮᠡᠨ ᠦ᠌ ᠪᠡᠨ ᠠᠮᠢᠳᠤᠷᠠᠯ ᠊ᠢ
ᠠᠲᠠᠷ ᠤ᠋ᠨ ᠴᠡᠴᠡᠭ ᠡᠴᠡ ᠭᠠᠩᠭᠠᠯᠠᠯᠠ
ᠠᠪᠢᠶᠠᠰ ᠪᠢᠯᠢᠭ᠍ᠲᠦ ᠡᠷᠳᠡᠮᠲᠡᠳ ᠢ᠋ᠶ᠋ᠡᠨ
ᠠᠭᠠᠷ ᠤ᠋ᠨ ᠣᠳᠣᠨ ᠠ᠋ᠴᠠ ᠣᠯᠠᠰᠢᠷᠠᠭᠤᠯᠤᠯᠠ ᠃
ᠠᠨᠠᠪᠠᠳ ᠶᠡᠬᠡ ᠳᠠᠯᠠᠢ ᠶ᠋ᠢ ᠴᠦ᠍
ᠢᠷᠣᠭᠠᠷ ᠠ᠋ᠴᠠ ᠨᠢ ᠰᠣᠳᠣᠯᠠᠯᠠ
ᠠᠭᠠᠷ ᠤ᠋ᠨ ᠬᠥᠬᠡ ᠣᠭᠲᠠᠷᠭᠤᠢ ᠶ᠋ᠢ ᠴᠦ᠍
ᠠᠮᠢᠰᠬᠤᠯ ᠠ᠋ᠴᠠ ᠨᠢ ᠰᠢᠨᠵᠢᠯᠡᠯᠡ ᠃
ᠠᠯᠲᠠᠨ ᠳᠡᠯᠡᠬᠡᠢ ᠶ᠋ᠢᠨ ᠪᠥᠮᠪᠥᠷᠴᠡᠭ ᠊ᠢ
ᠬᠦᠢᠰᠦᠨ ᠡᠴᠡ ᠨᠢ ᠨᠢᠭᠲᠠᠯᠠᠯᠠ
ᠠᠩᠭᠠᠷᠠᠭ ᠱᠤᠭᠠᠷ᠎ᠠ ᠣᠳᠣᠨ ᠊ᠢ ᠴᠦ᠍
ᠣᠷᠣᠰᠢᠭᠰᠠᠨ ᠠ᠋ᠴᠠ ᠨᠢ ᠬᠢᠨᠠᠯᠠ ᠃
ᠠᠲ᠋ᠣᠮ ᠴᠥᠮ᠎ᠡ ᠶ᠋ᠢᠨ ᠬᠦᠴᠦᠨ ᠊ᠢ ᠴᠦ᠍
ᠠᠭᠲᠠ ᠮᠣᠷᠢ ᠰᠢᠬ ᠬᠦᠯᠦᠭᠯᠡᠯᠡ
ᠠᠯᠤᠰ ᠬᠠᠷᠪᠤᠬᠤ ᠰᠤᠮᠤ ᠶ᠋ᠢ ᠴᠦ᠍
ᠠᠷᠭᠠᠯᠠᠵᠤ ᠲᠡᠭᠦᠨ ᠢ᠋ᠶ᠋ᠡᠷ ᠴᠡᠨᠡᠭᠯᠡᠯᠡ ᠃
ᠣᠳᠣᠨ ᠳᠡᠯᠡᠬᠡᠢ ᠶ᠋ᠢᠨ ᠣᠷᠣᠨ ᠳ᠋ᠤ᠌ ᠴᠤ᠌
ᠣᠴᠢᠵᠤ ᠦᠵᠡᠬᠦ ᠪᠡᠷ ᠰᠢᠭᠤᠳᠤᠯ᠎ᠠ
ᠣᠯᠠᠨ ᠵᠢᠯ ᠦ᠋ᠨ ᠬᠦᠰᠡᠯ ᠢ᠋ᠶ᠋ᠡᠨ ᠴᠦ᠍
ᠣᠳᠣ ᠪᠡᠶᠡᠯᠡᠭᠦᠯᠬᠦ ᠪᠡᠷ ᠲᠣᠭᠲᠠᠯ᠎ᠠ ᠃
ᠬᠢᠮᠡᠯ ᠳᠠᠭᠠᠭᠤᠯᠢ ᠣᠳᠣᠨ ᠊ᠢ
ᠬᠡᠳᠦ ᠬᠡᠳᠦ ᠪᠡᠷ ᠨᠢᠰᠬᠡᠯᠡ
ᠬᠡᠨ ᠴᠦ᠍ ᠬᠦᠷᠦᠭᠡ ᠦᠭᠡᠢ ᠭᠠᠷᠠᠭ ᠲᠤ᠌
ᠬᠡᠯᠡ ᠴᠢᠮᠡᠭᠡ ᠨᠡᠪᠲᠡᠷᠡᠭᠦᠯᠦᠯ᠎ᠡ ᠃
ᠰᠠᠪᠠ ᠳᠡᠯᠡᠬᠡᠢ ᠶ᠋ᠢᠨ ᠣᠷᠣᠨ ᠠ᠋ᠴᠠ
ᠰᠠᠯᠵᠤ ᠨᠢᠰᠬᠦ ᠶ᠋ᠢ ᠲᠤᠷᠰᠢᠯᠠ
ᠰᠠᠷᠠᠨ ᠤ᠋ ᠵᠠᠮ ᠊ᠢ ᠨᠡᠭᠡᠭᠡᠬᠦ
ᠰᠠᠢᠨ ᠪᠠᠭᠠᠲᠤᠷ ᠢ᠋ᠶ᠋ᠠᠨ ᠰᠣᠩᠭᠣᠯ᠎ᠠ ᠃
ᠲᠠᠪᠤ
ᠵᠥᠪᠯᠡᠯᠲᠦ ᠲᠦᠮᠡᠨ ᠦ᠌ ᠳᠣᠲᠣᠷ᠎ᠠ
ᠵᠣᠷᠢᠭᠲᠤ ᠪᠠᠭᠠᠲᠤᠷ ᠣᠯᠠᠨ
ᠵᠥᠪ ᠦᠢᠯᠡᠰ ᠊ᠦᠨ ᠲᠥᠯᠥᠭᠡ
ᠵᠢᠳᠬᠦᠬᠦ ᠰᠡᠳᠬᠢᠯᠲᠡᠨ ᠠᠷᠪᠢᠨ
ᠣᠳᠣᠨ ᠰᠠᠷᠠᠨ ᠊ᠤ ᠣᠷᠣᠨ ᠳ᠋ᠤ᠌
ᠣᠴᠢᠬᠤ ᠶ᠋ᠢ ᠬᠦᠰᠡᠭᠴᠢᠳ ᠵᠤᠵᠠᠭᠠᠨ
ᠣᠯᠠᠨ ᠊ᠤ ᠵᠢᠷᠭᠠᠯ ᠊ᠤᠨ ᠲᠥᠯᠥᠭᠡ
ᠣᠷᠣᠶ᠋ᠢᠯᠠᠨ ᠲᠡᠮᠡᠴᠡᠭᠴᠢ ᠡᠯᠪᠡᠭ
ᠲᠦᠮᠡᠨ ᠡᠷ᠎ᠡ ᠶ᠋ᠢᠨ ᠳᠣᠲᠣᠷ᠎ᠠ ᠠ᠋ᠴᠠ
ᠲᠡᠷᠢᠭᠦᠨ ᠪᠠᠭᠠᠲᠤᠷ ᠊ᠢ ᠰᠣᠩᠭᠣᠯ᠎ᠠ
ᠭᠠᠪᠰᠢᠭᠠᠢ ᠣᠯᠠᠨ ᠊ᠤ ᠳᠤᠮᠳᠠ ᠠ᠋ᠴᠠ
ᠭᠠᠭᠠᠷᠢᠨ ᠬᠣᠰᠢᠭᠤᠴᠢ ᠶ᠋ᠢ ᠲᠣᠮᠢᠯᠠᠯ᠎ᠠ ᠃
ᠮᠢᠩᠭᠠᠨ ᠡᠷ᠎ᠡ ᠶ᠋ᠢᠨ ᠮᠠᠩᠯᠠᠢ
ᠲᠦᠮᠡᠨ ᠪᠠᠭᠠᠲᠤᠷ ᠊ᠤᠨ ᠲᠡᠷᠢᠭᠦᠨ
ᠭᠠᠭᠠᠷᠢᠨ ᠬᠣᠰᠢᠭᠤᠴᠢ ᠶ᠋ᠢᠨ ᠪᠠᠶ᠋ᠢᠳᠠᠯ ᠊ᠢ
ᠭᠠᠷᠭᠠᠵᠤ ᠡᠨᠳᠡ ᠳᠤᠷᠠᠳᠪᠠᠯ᠄
ᠮᠠᠷᠺᠰ ᠯᠧᠨᠢᠨ ᠊ᠦ ᠰᠤᠷᠭᠠᠯ ᠊ᠢ
ᠬᠦᠷᠲᠡᠵᠦ ᠪᠠᠶ᠋ᠢᠭᠠᠳ ᠬᠥᠮᠦᠵᠢᠭᠰᠡᠨ ᠶᠦ᠍ᠮ
ᠮᠠᠨᠳᠤᠭᠰᠠᠨ ᠵᠥᠪᠯᠡᠯᠲᠦ ᠶ᠋ᠢᠨ ᠣᠷᠣᠨ ᠳ᠋ᠠᠭᠠᠨ
ᠪᠦᠪᠡᠶ᠋ᠢᠯᠡᠭᠳᠡᠵᠦ ᠪᠠᠶ᠋ᠢᠭᠠᠳ ᠪᠣᠶ᠋ᠢᠵᠢᠭᠰᠠᠨ ᠶᠤᠮ
ᠡᠷᠬᠡ ᠵᠢᠷᠭᠠᠯ ᠊ᠤᠨ ᠰᠠᠯᠬᠢ ᠶ᠋ᠢ
ᠠᠮᠢᠰᠬᠤᠵᠤ ᠪᠠᠶ᠋ᠢᠭᠠᠳ ᠲᠣᠷᠨᠢᠭᠰᠠᠨ ᠶᠤᠮ
ᠡᠷᠡᠯᠬᠡᠭ ᠪᠦᠲᠦᠭᠡᠯᠴᠢᠳ ᠊ᠤᠨ ᠮᠥᠷ ᠊ᠢ
ᠭᠢᠰᠬᠢᠵᠦ ᠪᠠᠶ᠋ᠢᠭᠠᠳ ᠥᠰᠦᠭᠰᠡᠨ ᠶᠦ᠍ᠮ ᠃
ᠠᠯᠤᠰ ᠊ᠢ ᠰᠢᠷᠲᠡᠬᠦ ᠨᠢᠳᠦ ᠶ᠋ᠢ ᠨᠢ
ᠠᠯᠳᠠᠷᠲᠤ ᠨᠠᠮ ᠨᠢ ᠬᠡᠷᠡᠯᠳᠦᠭᠦᠯᠦᠭᠰᠡᠨ ᠶᠦ᠍ᠮ
ᠠᠭᠤᠤ ᠶ᠋ᠢ ᠪᠦᠲᠦᠭᠡᠬᠦ ᠵᠣᠷᠢᠭ ᠊ᠢ ᠨᠢ
ᠠᠴᠢᠲᠤ ᠯᠧᠨᠢᠨ ᠵᠢᠯᠣᠭᠣᠳᠤᠭᠰᠠᠨ ᠶᠤᠮ᠃
ᠣᠭᠲᠠᠷᠭᠤᠢ ᠳ᠋ᠤ᠌ ᠨᠢᠰᠬᠦ ᠳᠠᠯᠠᠪᠴᠢ ᠶ᠋ᠢ
ᠣᠳᠣ ᠶ᠋ᠢᠨ ᠮᠡᠷᠭᠡᠵᠢᠯ ᠪᠦᠷᠢᠯᠳᠦᠭᠦᠯᠵᠡᠢ
ᠣᠳᠣᠨ ᠊ᠢ ᠰᠢᠭᠦᠷᠡᠬᠦ ᠭᠠᠷ ᠊ᠢ
ᠣᠯᠠᠨ ᠲᠦᠮᠡᠨ ᠨᠢ ᠵᠠᠯᠠᠭᠠᠭᠤᠯᠵᠠᠢ᠃
ᠰᠠᠨᠰᠠᠷ ᠊ᠢ ᠨᠡᠪᠲᠡᠯᠬᠦ ᠵᠢᠭᠦᠷ ᠊ᠢ
ᠰᠠᠴᠤᠷᠠᠭᠰᠠᠨ ᠮᠡᠷᠭᠡᠵᠢᠯ ᠨᠢ ᠣᠷᠣᠯᠠᠭᠤᠯᠵᠠᠢ
ᠰᠠᠷᠠᠨ ᠳ᠋ᠤ᠌ ᠭᠢᠰᠬᠢᠬᠦ ᠭᠤᠲᠤᠯ ᠊ᠢ
ᠰᠠᠶ᠋ᠢᠴᠤᠤᠯ ᠲᠦᠮᠡᠨ ᠨᠢ ᠡᠮᠦᠰᠦᠭᠦᠯᠵᠡᠢ ᠃
ᠡᠷᠡᠯᠬᠡᠭ ᠪᠠᠭᠠᠲᠤᠷ ᠢ᠋ᠶ᠋ᠠᠨ ᠦᠳᠡᠬᠦ ᠳ᠋ᠦ᠍
ᠡᠭᠡᠯᠢᠲᠦ ᠨᠥᠬᠥᠳ ᠨᠢ ᠶᠠᠭᠠᠷᠠᠯ᠎ᠠ
ᠡᠷᠳᠡᠨᠢ ᠶ᠋ᠢᠨ ᠬᠦᠯᠦᠭ ᠣᠩᠭᠣᠴᠠ
《 ᠳᠣᠷᠣᠨᠠᠳᠠᠬᠢᠨ》 ᠊ᠢ ᠪᠦᠲᠦᠭᠡᠯ᠎ᠡ
ᠠᠶᠠᠨ ᠵᠠᠮ ᠊ᠤᠨ ᠬᠡᠷᠡᠭᠰᠡᠯ ᠊ᠢ ᠨᠢ
ᠠᠴᠢᠲᠤ ᠨᠥᠬᠥᠳ ᠨᠢ ᠲᠥᠬᠥᠭᠡᠷᠦᠯᠡ
ᠠᠯᠮᠠᠰ ᠡᠷᠳᠡᠨᠢ ᠶ᠋ᠢᠨ ᠣᠩᠭᠣᠴᠠ ᠳ᠋ᠠᠭᠠᠨ
ᠲᠡᠶ᠋ᠢᠷᠦᠯᠲᠦ ᠰᠤᠮᠤ ᠊ᠢ ᠬᠥᠯᠥᠭᠯᠡᠭᠦᠯᠦᠯᠡ
ᠦᠳᠡᠭᠴᠢᠳ ᠊ᠤᠨ ᠴᠤᠭᠯᠠᠭ᠎ᠠ ᠨᠢ
ᠦᠶᠡᠷ ᠊ᠦᠨ ᠤᠰᠤ ᠰᠢᠭ᠋ ᠳᠠᠪᠠᠯᠭᠠᠯᠠᠨ᠎ᠠ
ᠥᠩᠭᠡ ᠪᠦᠷᠢ ᠶ᠋ᠢᠨ ᠳᠠᠯᠪᠠᠭ᠎ᠠ ᠨᠤᠭᠤᠳ
ᠡᠭᠦᠯᠡᠨ ᠰᠠᠴᠤᠭ ᠲᠠᠢ ᠵᠠᠯᠭᠠᠯᠳᠤᠨ᠎ᠠ᠃
ᠣᠮᠣᠭᠲᠤ ᠪᠠᠭᠠᠲᠤᠷ ᠢ᠋ᠶ᠋ᠠᠨ ᠦᠳᠡᠨ᠎ᠡ ᠭᠡᠳ
ᠣᠯᠠᠨ ᠊ᠤ ᠰᠡᠳᠬᠢᠯ ᠬᠥᠪᠬᠡᠯᠵᠡᠵᠦ ᠪᠠᠶ᠋ᠢᠨ᠎ᠠ
ᠣᠳᠣᠨ ᠊ᠤ ᠪᠣᠱᠣᠭ᠎ᠠ ᠶ᠋ᠢ ᠠᠯᠬᠤᠨ᠎ᠠ ᠭᠡᠳᠡᠭ
ᠠᠳᠬᠤ ᠪᠠᠭᠠᠲᠤᠷ ᠪᠠᠶᠠᠷᠯᠠᠵᠤ ᠪᠠᠶ᠋ᠢᠨ᠎ᠠ ᠃
ᠬᠠᠷᠢᠭᠤᠴᠠᠭᠰᠠᠨ ᠡᠭᠦᠷᠭᠡ ᠪᠡᠨ ᠪᠡᠶᠡᠯᠡᠭᠦᠯ ᠭᠡᠵᠦ
ᠬᠠᠮᠲᠤ ᠨᠥᠬᠥᠳ ᠨᠢ ᠲᠤᠰᠢᠶᠠᠯ᠎ᠠ ᠃
ᠬᠢᠨᠠᠮᠠᠭᠠᠢ ᠯᠠᠪᠳᠠᠭᠤᠨ ᠶᠠᠪᠤᠭᠠᠷᠠᠢ ᠭᠡᠵᠦ
ᠬᠠᠨᠢ ᠨᠠᠢᠵᠠ ᠨᠢ ᠵᠠᠬᠢᠯ᠎ᠠ ᠃
ᠡᠰᠡᠷᠡᠭ (4 ) ᠶᠠᠪᠤᠭᠠᠷᠠᠢ ᠬᠦᠦ ᠮᠢᠨᠢ ᠭᠡᠵᠦ
ᠡᠵᠢ ᠠᠪᠤ ᠨᠢ ᠦᠨᠦᠰᠦᠯ᠎ᠡ !
ᠡᠷᠭᠢᠭᠡᠳ ᠤᠳᠠᠯ ᠦᠭᠡᠢ ᠠᠭᠤᠯᠵᠠᠶ᠎ᠠ ᠭᠡᠵᠦ
ᠡᠯᠢᠭᠡᠨ ᠰᠠᠳᠤᠨ ᠨᠢ ᠲᠡᠪᠡᠷᠢᠯ᠎ᠡ ᠃
ᠪᠠᠶᠠᠷᠲᠠᠢ ᠢᠷ᠎ᠡ ᠠᠪᠤ ᠮᠢᠨᠢ ᠭᠡᠵᠦ
ᠪᠢᠴᠢᠬᠠᠨ ᠥᠬᠢᠨ ᠨᠢ ᠬᠦᠵᠦᠭᠦᠳᠡᠯᠡ
ᠪᠠᠬᠠᠳᠤᠮ᠎ᠠ ᠬᠦᠰᠡᠯ ᠢ᠋ ᠪᠡᠶᠡᠯᠡᠭᠦᠯ ᠭᠡᠵᠦ
ᠪᠠᠷᠢᠯᠳᠤᠭᠰᠠᠨ ᠢᠨᠠᠭ ᠨᠢ ᠵᠣᠷᠢᠭᠵᠢᠭᠤᠯᠤᠯᠠ ᠃
ᠥᠪᠡᠷ ᠢ᠋ ᠮᠢᠨᠢ ᠢᠲᠡᠭᠡᠬᠦ ᠳ᠋ᠦ᠍ ᠪᠠᠶᠠᠷᠯᠠᠨ᠎ᠠ ᠭᠡᠵᠦ
ᠥᠭᠡᠳᠡ ᠡᠴᠡ ᠨᠢ ᠭᠠᠭᠠᠷᠢᠨ ᠲᠠᠯᠠᠷᠬᠠᠯ᠎ᠠ ᠃
ᠡᠭᠦᠷᠭᠡ ᠪᠡᠨ ᠵᠠᠪᠠᠯ ᠪᠡᠶᠡᠯᠡᠭᠦᠯᠦᠨ᠎ᠡ ᠭᠡᠵᠦ
ᠥᠭᠦᠯᠡᠵᠦ ᠣᠯᠠᠨ ᠳ᠋ᠠᠭᠠᠨ ᠪᠠᠲᠤᠯᠠᠨ᠎ᠠ ᠃
ᠠᠷᠢᠭᠤᠨ ᠬᠦᠯᠦᠭ ᠣᠩᠭᠣᠴᠠ ᠳ᠋ᠠᠭᠠᠨ
ᠠᠪᠤᠷᠭᠤ ᠪᠠᠭᠠᠲᠤᠷ ᠮᠣᠷᠳᠠᠯ᠎ᠠ ᠂
ᠠᠷᠤ ᠳ᠋ᠤᠨᠢ ᠬᠣᠴᠣᠷᠬᠤ ᠣᠯᠠᠨ ᠨᠢ
ᠠᠯᠠᠭ᠎ᠠ ᠲᠡᠰᠢᠨ ᠥᠲᠡᠯ᠎ᠡ ᠃
ᠳᠣᠬᠢᠶᠠᠨ ᠤ᠋ ᠲᠡᠮᠳᠡᠭ ᠳᠤᠯᠠᠰ ᠭᠡᠯᠡ
《 ᠳᠣᠷᠣᠨᠠᠳᠠᠬᠢᠨ 》ᠤᠬᠤᠰᠬᠢᠯᠡ ᠃
ᠰᠤᠮᠤᠳᠠᠭᠠᠳ ᠳᠡᠭᠡᠭᠰᠢ ᠪᠡᠨ
《 ᠰᠦᠷ 》 ᠭᠡᠯᠡ
ᠰᠤᠭᠤᠨᠠᠭ᠋ ᠤᠲᠤᠭ᠎ᠠ ᠵᠢᠷᠪᠢᠰᠬᠢᠯᠡ ᠃
《 ᠠ 》 ᠭᠡᠬᠦ ᠶᠢᠨ ᠬᠣᠭᠣᠷᠣᠨᠳᠣ
ᠠᠭᠠᠷ ᠲᠤ᠌ ᠭᠠᠷᠤᠭᠠᠳ ᠶᠠᠪᠤᠴᠢᠬᠠᠯ᠎ᠠ ᠃
ᠠᠯᠠᠭ ᠰᠣᠯᠣᠩᠭ᠎ᠠ ᠮᠢᠷᠠᠯᠵᠠᠭᠠᠳ
ᠠᠯᠲᠠᠨ ᠳᠡᠯᠡᠬᠡᠢ ᠶ᠋ᠢ ᠭᠢᠯᠠᠰᠬᠠᠯᠡ ᠃
《 ᠠ᠋ 》ᠭᠡᠬᠦ ᠶ᠋ᠢᠨ ᠵᠠᠭᠤᠷ᠎ᠠ ᠳ᠋ᠦ᠍
ᠡᠭᠦᠯᠡᠨ ᠳ᠋ᠦ᠍ ᠰᠢᠷᠭᠤᠭᠠᠳ ᠣᠷᠣᠴᠢᠬᠠᠯ᠎ᠠ ᠃
ᠡᠷᠢᠶᠡᠨ ᠰᠣᠯᠣᠩᠭ᠎ᠠ ᠲᠠᠲᠠᠭᠠᠳ
ᠡᠩ ᠳᠡᠯᠡᠬᠡᠢ ᠭᠡᠷᠡᠯᠲᠦᠯᠡ
ᠦᠰᠦᠭ ᠠᠮᠢᠯᠠᠭᠤᠯᠤᠭᠴᠢ ᠄ ᠰ ᠲᠠᠯᠠᠨᠪᠠᠶᠠᠷ ᠂ ᠴᠠᠭᠠᠨ᠂ ᠲᠤᠶᠠᠭ᠎ᠠ᠂ ᠣᠶᠤᠨᠴᠢᠮᠡᠭ
ᠬᠢᠨᠠᠭᠴᠢ ᠪᠠᠭᠰᠢ ᠄ ᠣᠤᠠᠬᠠᠨᠰᠣ᠎ᠠ
