ᠨᠠᠷᠠᠨ ᠰᠠᠷᠠᠨ ᠲᠠᠮᠠᠭ᠎ᠠ- ᠠᠯᠢᠮ᠎ᠠНаран саран дамга-алим ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠷᠠᠨ ᠰᠠᠷᠠᠨ ᠲᠠᠮᠠᠭ᠎ᠠ- ᠠᠯᠢᠮ᠎ᠠНаран саран дамга-алим

ᠨᠠᠷᠠᠨ ᠰᠠᠷᠠᠨ ᠲᠠᠮᠠᠭ᠎ᠠ- ᠠᠯᠢᠮ᠎ᠠНаран саран дамга-алим

2023-04-08

561

ᠨᠠᠷᠠᠨ ᠰᠠᠷᠠᠨ ᠲᠠᠮᠠᠭ᠎ᠠ

    ᠠᠯᠢᠮ᠎ᠠ
ᠬᠠᠨ ᠲᠡᠭᠷᠢ ᠡᠴᠡ ᠰᠣᠶᠣᠷᠬᠠᠭᠰᠠᠨ
ᠨᠠᠨᠳᠢᠨ ᠴᠠᠳᠢᠭ ᠊ᠢ ᠪᠢᠴᠢᠭᠯᠡᠨ
ᠬᠠᠰᠠᠭ ᠲᠡᠷᠭᠡ ᠪᠡᠷ ᠢ᠋ᠶ᠋ᠡᠨ ᠵᠥᠭᠡᠭᠡᠭᠰᠡᠨ
ᠨᠡᠷᠡᠲᠦ ᠶ᠋ᠢᠨ ᠰᠢᠷᠭᠠᠯ ᠥᠪ ᠲᠦ᠍ ᠪᠡᠨ
ᠠᠯᠠᠭ᠎ᠠ ᠪᠠᠨ ᠬᠠᠪᠰᠤᠷᠴᠤ ᠵᠠᠯᠪᠠᠷᠢᠨ
ᠮᠥᠩᠬᠡ ᠲᠡᠭᠷᠢ ᠶ᠋ᠢ ᠪᠠᠭᠠᠨᠠᠳᠠᠭᠰᠠᠨ ᠬᠠᠨ ᠬᠠᠶ᠋ᠢᠷᠬᠠᠨ ᠳ᠋ᠤ᠌ ᠪᠠᠨ
ᠮᠥᠩᠬᠡ ᠶ᠋ᠢᠨ ᠵᠤᠯᠠ ᠪᠠᠷᠢᠨ ᠳᠠᠭᠠᠳᠬᠠᠵᠤ
ᠭᠠᠩᠭᠠᠩ ᠪᠠᠶ᠋ᠢᠭᠠᠯᠢ ᠶ᠋ᠢᠨ ᠣᠩᠭᠣᠨ ᠭᠡᠮᠡᠨ
ᠭᠠᠵᠠᠷ ᠤ᠋ᠨ ᠥᠨᠳᠥᠷ ᠳᠡᠭᠡᠷ᠎ᠡ ᠭᠠᠷᠴᠤ
ᠣᠪᠣᠭᠠᠨ ᠳ᠋ᠤ᠌ ᠮᠠᠩᠨᠠᠢ ᠬᠠᠯᠴᠠᠷᠠᠲᠠᠯ᠎ᠠ ᠮᠥᠷᠭᠥᠳᠡᠭ
ᠮᠢᠨᠦ ᠮᠣᠩᠭᠣᠯ ᠤ᠋ᠨ ᠬᠥᠬᠡ ᠲᠡᠭᠷᠢ ᠳ᠋ᠦ᠍
ᠬᠣᠷᠸ᠋᠎ᠠ ᠶ᠋ᠢᠨ ᠨᠠᠷᠠ ᠮᠠᠭᠰᠢᠵᠤ ᠢᠷᠡᠳᠡᠭ ᠶᠦ᠍ᠮ
ᠰᠢᠨᠡᠳ ᠦ᠋ᠨ ᠴᠠᠭᠠᠨ ᠰᠠᠷᠠᠨ ᠤ᠋ ᠦᠵᠦᠭᠦᠷ ᠢ᠋ᠶ᠋ᠡᠷ
ᠠᠮᠤ ᠪᠤᠳᠠᠭᠠᠨ ᠤ᠋ ᠦᠨ᠎ᠡ ᠬᠠᠶᠠᠯᠴᠠᠨ
ᠠᠬᠠᠮᠠᠳ ᠤᠯᠤᠰ ᠦ᠋ᠳ ᠶᠡᠬᠡ ᠶᠠᠭᠤᠮ᠎ᠠ ᠠᠶ᠋ᠢᠯᠠᠤᠠᠲᠠᠭ
ᠲᠠᠯ᠎ᠠ ᠰᠠᠷᠠᠨ ᠠᠪᠠᠬᠠᠢ ᠡᠭᠦᠯᠡᠨ ᠦ᠌ ᠴᠠᠭᠠᠭᠤᠷ
ᠨᠢᠭᠤᠷ ᠢ᠋ᠶ᠋ᠠᠨ ᠨᠢᠭᠤᠵᠤ ᠨᠡᠭᠦᠳᠡᠯᠯᠡᠬᠦ ᠳ᠋ᠦ᠍
《 ᠰᠠᠷᠠᠨ ᠲᠡᠷᠭᠡᠯᠰᠢᠪᠡᠯ ᠵᠠᠶᠠᠭ᠎ᠠ ᠲᠡᠷᠭᠡᠯᠰᠢᠨ᠎ᠡ 》 ᠭᠡᠵᠦ
ᠠᠮᠠᠨ ᠤ᠋ ᠪᠡᠯᠭᠡ ᠬᠠᠶ᠋ᠢᠷᠠᠯᠠᠲᠠᠭ ᠠ᠋ᠴᠠ
ᠠᠯᠲᠠᠢ ᠶ᠋ᠢᠨ ᠡᠯᠢᠭᠡᠨ ᠳ᠋ᠡᠬᠢ ᠨᠡᠭᠦᠳᠡᠯᠴᠢᠳ
ᠬᠡᠶ᠋ᠢᠮᠣᠷᠢ ᠪᠠᠨ ᠬᠡᠶ᠋ᠢᠰᠭᠡᠭᠰᠡᠨ
ᠬᠡᠶ᠋ᠢᠮᠣᠷᠢ ᠲᠠᠢ ᠤᠭᠰᠠᠭ᠎ᠠ ᠪᠢᠯᠡ
《 ᠵᠤᠯᠠ ᠶ᠋ᠢᠨ ᠭᠣᠣᠯ ᠊ᠢ ᠪᠤᠴᠠᠭᠠᠵᠤ ᠣᠷᠢᠶᠠᠪᠠᠯ
ᠬᠠᠷᠢ ᠳ᠋ᠤ᠌ ᠮᠣᠷᠳᠠᠭᠰᠠᠨ ᠥᠬᠢᠨ ᠪᠤᠴᠠᠵᠤ ᠢᠷᠡᠨ᠎ᠡ 》ᠭᠡᠵᠦ
ᠡᠵᠢ ᠮᠢᠨᠢ ᠨᠠᠷᠠ ᠵᠥᠪ ᠣᠷᠢᠶᠠᠬᠤ   ᠶ᠋ᠢ ᠵᠠᠬᠢᠬᠤ ᠳ᠋ᠤ᠌
《 ᠰᠦᠰᠦᠭ ᠪᠢᠰᠢᠷᠡᠯ ᠲᠡᠢ ᠶᠠᠪᠤᠪᠠᠰᠤ
ᠪᠤᠷᠬᠠᠨ ᠲᠡᠭᠷᠢ ᠴᠢᠮ᠎ᠠ ᠶ᠋ᠢ ᠢᠪᠡᠭᠡᠮᠦᠢ 》ᠭᠡᠵᠦ
ᠵᠢᠷᠤᠬᠠᠢ   ᠶ᠋ᠢᠨ ᠰᠢᠷ᠎ᠠ ᠰᠤᠳᠤᠷ ᠳᠡᠭᠡᠷ᠎ᠡ
ᠮᠢᠨᠦ ᠬᠤᠪᠢ ᠵᠠᠶᠠᠭ᠎ᠠ ᠢᠩᠭᠢᠵᠦ ᠪᠠᠭᠤᠭᠰᠠᠨ
ᠲᠡᠶ᠋ᠢᠮᠦ ᠠ᠋!
ᠲᠡᠭᠷᠢ ᠡᠴᠡ ᠨᠠᠷᠠᠨ ᠲᠠᠮᠠᠭ᠎ᠠ ᠲᠠᠢ ᠵᠠᠶᠠᠭᠠᠭᠰᠠᠨ ᠬᠥᠮᠦᠨ ᠊ᠢ
ᠬᠥᠮᠦᠨ 《 ᠨᠠᠷᠠᠨ ᠤ᠋ ᠬᠡᠦᠬᠡᠳ 》 ᠭᠡᠳᠡᠭ
ᠲᠡᠭᠡᠬᠦ ᠪᠡᠷ ᠢ᠋ᠶ᠋ᠡᠨ 《 ᠬᠥᠬᠡ ᠲᠣᠯᠪᠣ 》 ᠲᠠᠢ
ᠲᠥᠷᠥᠭᠰᠡᠨ ᠬᠥᠮᠦᠨ ᠥᠪᠡᠷ ᠊ᠢ ᠪᠡᠨ
《 ᠪᠢ ᠮᠣᠩᠭᠣᠯ ᠬᠥᠮᠦᠨ 》 ᠭᠡᠳᠡᠭ ᠠ᠋


  ᠦᠰᠦᠭ ᠠᠮᠢᠯᠠᠭᠤᠯᠤᠭᠰᠠᠨ ᠨᠢ ᠄ ᠰᠡᠷᠭᠦᠯᠡᠩ
  ᠦᠰᠦᠭ ᠬᠠᠲᠠᠭᠰᠠᠨ ᠨᠢ ᠰᠡᠷᠭᠦᠯᠡᠩ
  ᠬᠢᠨᠠᠭᠴᠢ ᠄ ᠮᠥᠴᠢᠷ ᠪᠠᠭᠰᠢ