ᠲᠡᠮᠡᠭᠡ- ᠫ ᠪᠠᠲᠠᠷᠴᠢTemee-P.BadarchТэмээ-П.Бадарч ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠡᠮᠡᠭᠡ- ᠫ ᠪᠠᠲᠠᠷᠴᠢTemee-P.BadarchТэмээ-П.Бадарч

ᠲᠡᠮᠡᠭᠡ- ᠫ ᠪᠠᠲᠠᠷᠴᠢTemee-P.BadarchТэмээ-П.Бадарч

2024-04-02

544

ᠲᠡᠮᠡᠭᠡ

    ᠫ · ᠪᠠᠲᠠᠷᠴᠢ

ᠲᠡᠮᠡᠭᠡ — ᠲᠠᠪᠤᠨ ᠬᠣᠰᠢᠭᠤ ᠮᠠᠯ ᠤ᠋ᠨ ᠮᠢᠨᠢ ᠨᠢᠭᠡ

ᠲᠡᠮᠡᠭᠡ — ᠲᠠᠪᠤᠨ ᠠᠮᠢᠳᠤ ᠡᠷᠳᠡᠨᠢ ᠶ᠋ᠢᠨ ᠮᠢᠨᠢ ᠨᠢᠭᠡ

ᠲᠡᠮᠡᠭᠡ — ᠲᠠᠪᠤᠨ ᠲᠢᠪ ᠦ᠋ᠨ ᠤᠯᠤᠰ ᠠ᠋ᠴᠠ ᠮᠠᠨ ᠤ᠋ ᠳ᠋ᠤ᠌ ᠣᠯᠠᠨ ᠨᠢ ᠪᠣᠢ

ᠲᠡᠮᠡᠭᠡ — ᠲᠠᠯ᠎ᠠ ᠂ ᠬᠠᠩᠭᠠᠢ ᠂ ᠭᠣᠪᠢ ᠭᠤᠷᠪᠠᠨ ᠨᠤᠲᠤᠭ ᠲᠤ᠌ ᠮᠢᠨᠢ ᠪᠣᠢ

 

ᠠᠷᠰᠯᠠᠨ ᠵᠠᠭᠠᠨ ᠲᠠᠢ ᠴᠣᠭ ᠪᠡᠯᠴᠢᠵᠦ ᠰᠠᠶ᠎ᠠ ᠵᠢᠯ ᠦ᠋ᠨ ᠲᠡᠷᠲᠡᠭᠡ ᠳ᠋ᠦ᠍ ᠴᠦ᠍ ᠪᠠᠶ᠋ᠢᠬᠰᠠᠨ

ᠠᠶ᠋ᠢᠯ ᠬᠥᠮᠦᠨ ᠬᠣᠶᠠᠷ ᠲᠠᠢ ᠢᠵᠢᠯᠢᠰᠢᠵᠦ ᠲᠠᠪᠤᠨ ᠮᠢᠩᠭᠠᠨ ᠵᠢᠯ ᠊ᠢ ᠡᠯᠡᠭᠡᠭᠰᠡᠨ

ᠠᠮᠤᠭᠤᠯᠠᠩ ᠠᠪᠤᠷᠭᠤ ᠬᠣᠶᠠᠷ ᠤ᠋ᠨ ᠪᠡᠯᠭᠡᠳᠡᠯ ᠮᠡᠲᠦ ᠪᠡᠶ᠎ᠡ ᠲᠡᠢ ᠵᠠᠶᠠᠭᠠᠭᠰᠠᠨ

ᠠᠯᠲᠠᠨ ᠳᠡᠯᠡᠬᠡᠢ ᠳ᠋ᠦ᠍ ᠲᠡᠮᠡᠭᠡ ᠭᠡᠳᠡᠭ ᠰᠠᠢᠬᠠᠨ ᠠᠮᠢᠲᠠᠨ

ᠨᠡᠭᠡᠷᠡᠨ ᠪᠢ ᠲᠡᠶ᠋ᠢᠮᠦ ᠠ᠋ ᠭᠡᠬᠦ ᠰᠢᠭ

ᠨᠡᠷ᠎ᠡ ᠨᠢ ᠬᠦᠷᠲᠡᠯ᠎ᠡ ᠲᠡᠮᠡᠭᠡ

 

ᠲᠤᠭ ᠰᠢᠷᠡᠭᠡ ᠪᠦᠬᠦ ᠡᠴᠡ ᠨᠢ ᠬᠠᠯᠠᠭᠤᠨ ᠢᠯᠴᠢ ᠲᠦᠭᠡᠭᠡᠳ

ᠲᠠᠭᠤᠵᠤ ᠶᠠᠪᠤᠬᠤ ᠳ᠋ᠤ᠌ ᠬᠦᠷᠲᠡᠯ᠎ᠡ ᠳᠤᠯᠠᠭᠠᠬᠠᠨ ᠭᠡᠵᠦ ᠵᠢᠭᠲᠡᠶ᠋ᠢᠬᠡᠨ

ᠲᠤᠤᠯᠢᠰ ᠦᠯᠢᠭᠡᠷ ᠲᠦ᠍ ᠪᠠᠭᠠᠲᠤᠷ ᠪᠣᠯᠤᠨ ᠬᠡᠯᠡᠯᠴᠡᠭᠲᠡᠭᠰᠡᠨ ᠴᠦ᠍

ᠲᠠᠤᠯᠠᠢ ᠥᠪᠦᠦ ᠲᠡᠢ ᠨᠢ ᠪᠣᠳᠣᠬᠤ ᠪᠠᠷ ᠦᠷᠦ ᠡᠪᠡᠳᠦᠮ᠎ᠡ ᠬᠥᠭᠡᠷᠦᠬᠦᠢ

 

ᠤᠰᠤ ᠨᠢᠭᠡ ᠤᠤᠭᠤᠭᠠᠳ ᠭᠠᠷᠪᠠᠯ ᠭᠤᠷᠪᠠᠨ ᠭᠤᠷᠪᠠ ᠶᠢᠰᠦ ᠬᠣᠨᠣᠳᠠᠭ

ᠤᠶᠠᠵᠤ ᠰᠣᠶ᠋ᠢᠭᠠᠳ ᠡᠲᠯᠡᠬᠦ ᠳ᠋ᠦ᠍ ᠭᠤᠴᠢᠨ ᠬᠣᠨᠣᠭ ᠤ᠋ᠨ ᠥᠯ ᠳᠠᠭᠠᠭᠠᠳᠠᠭ

ᠤᠷᠲᠤ ᠬᠣᠯᠠ ᠶ᠋ᠢᠨ ᠠᠶᠠᠨ ᠳ᠋ᠤ᠌ ᠡᠴᠡᠵᠦ ᠴᠤᠴᠠᠭᠰᠠᠨ ᠭᠡᠵᠦ ᠲᠤᠭᠤᠯᠳᠠᠭ᠎ᠠ ᠦᠭᠡᠢ

ᠤᠨᠠᠭᠠᠨ ᠭᠣᠪᠢ ᠪᠠᠨ ᠣᠷᠬᠢᠵᠤ ᠬᠡᠵᠢᠶ᠎ᠡ ᠴᠦ᠍ ᠨᠤᠲᠤᠭ ᠰᠢᠯᠢᠭᠡ ᠦᠭᠡᠢ

 

ᠨᠠᠶ᠋ᠢᠷᠰᠠᠭ ᠢᠲᠡᠭᠡᠮᠡᠲᠡᠭᠡᠢ ᠵᠠᠩ ᠊ᠢ ᠨᠢ ᠳᠣᠮᠣᠭ ᠲᠤ᠌ ᠥᠭᠦᠯᠡᠬᠦ ᠳ᠋ᠡᠭᠡᠨ

ᠨᠠᠶ᠋ᠢᠷ ᠲᠤ᠌ ᠣᠴᠢᠬᠤ ᠪᠤᠭᠤᠨ ᠳ᠋ᠤ᠌ ᠡᠪᠡᠷ ᠢ᠋ᠶ᠋ᠡᠨ ᠥᠭᠭᠦᠭᠰᠡᠨ ᠭᠡᠳᠡᠭ ᠶᠦ᠍ᠮ ᠃

ᠨᠠᠳᠠ ᠡᠪᠡᠷ ᠊ᠢ ᠮᠢᠨᠢ ᠠᠪᠴᠢᠷᠠᠵᠤ ᠶᠠᠪᠤᠨ᠎ᠠ ‍ᠤᠤ ᠭᠡᠮᠡᠨ

ᠨᠠᠶ᠋ᠢᠲᠠᠪᠤᠷᠢ ᠭᠣᠷᠢ ᠲᠠᠰᠤᠷᠠᠬᠤ ᠦᠭᠡᠢ ᠣᠳᠣ ᠴᠤ᠌ ᠠᠯᠤᠰ ᠊ᠢ ᠬᠠᠷᠠᠭᠤᠯᠳᠠᠭᠰᠠᠭᠠᠷ

 

ᠲᠤᠵᠢ ᠳ᠋ᠠᠭᠠᠨ ᠦᠨᠡᠨᠴᠢ ᠶ᠋ᠢᠨ ᠪᠠᠲᠤᠯᠠᠭ᠎ᠠ ᠪᠠᠨ ᠭᠡᠷᠰᠡᠭ ᠭᠡᠳᠡᠭ ᠨᠢ ᠠᠷᠭ᠎ᠠ ᠦᠭᠡᠢ

ᠲᠤᠯᠭᠠᠨ ᠤ᠋ ᠦᠨᠡᠰᠦ ᠶ᠋ᠢ ᠴᠦ᠍ ᠰᠠᠨᠠᠭᠠᠳ ᠬᠣᠨᠢ ᠲᠠᠢ ᠬᠣᠲᠠᠯᠠᠵᠤ ᠢᠷᠡᠳᠡᠭ

ᠲᠤᠭᠤᠷᠭ᠎ᠠ ᠨᠡᠪᠲᠡ ᠰᠢᠭᠤᠷᠭ᠎ᠠ ᠶ᠋ᠢ ᠡᠳᠦᠷᠵᠢᠨ ᠭᠠᠵᠠᠷ ᠠ᠋ᠴᠠ ᠮᠡᠳᠡᠷᠡᠵᠦ

ᠲᠤᠬᠠᠯᠠᠵᠤ ᠨᠢᠭᠡ ᠯᠡ ᠬᠡᠪᠲᠡᠪᠡᠯ ᠲᠩᠷᠢ ᠠᠶᠠᠰᠳᠠᠯ᠎ᠠ ᠲᠡᠰᠳᠡᠭ

 

ᠥᠷᠭᠡᠨ ᠣᠷᠴᠢᠯᠠᠩ ᠳ᠋ᠤ᠌ ᠤᠷᠭᠤᠭᠰᠠᠨ ᠡᠪᠡᠰᠦ ᠴᠡᠴᠡᠭ ᠦ᠋ᠨ ᠳᠤᠮᠳᠠ ᠠ᠋ᠴᠠ

ᠥᠷᠭᠡᠰᠦᠲᠦ ᠪᠤᠲᠠ ᠰᠢᠪᠡᠭ ᠰᠢᠷᠠᠯᠵᠢ ᠠᠯᠢ ᠯᠠ ᠬᠠᠲᠠᠭᠤ ᠳ᠋ᠤᠨᠢ ᠳᠤᠷᠠᠯᠠᠬᠤ

ᠥᠯᠥᠭᠡᠢ ᠲᠡᠢ ᠵᠢᠭᠠᠬᠠᠨ ᠬᠦᠦ ᠪᠡᠨ ᠪᠦᠬᠦ ᠡᠴᠡ ᠨᠢ ᠵᠡᠭᠦᠭᠡᠳ ᠨᠡᠭᠦᠬᠦ ᠳ᠋ᠦ᠍

ᠥᠭᠡᠵᠡᠭ ᠬᠥᠳᠡᠯᠭᠡᠬᠦ ᠡᠵᠢ ᠨᠢ ᠰᠢᠭ ᠪᠦᠪᠡᠢ ᠪᠦᠪᠡᠢ ᠠᠯᠬᠤᠯᠠᠬᠤ

 

ᠠᠪᠠᠭᠠᠢ ᠬᠡᠦᠬᠡᠳ ᠰᠢᠪᠠᠭᠤᠳ ᠨᠣᠣᠰᠣ ᠶ᠋ᠢ ᠨᠢ ᠵᠤᠯᠭᠠᠭᠠᠵᠤ ᠪᠠᠶ᠋ᠢᠬᠤ ᠳ᠋ᠤ᠌

ᠠᠪ ᠠᠪ ᠭᠡᠬᠦ ᠰᠢᠭ ᠭᠠᠪ ᠭᠠᠪ ᠳᠤᠤᠭᠠᠷᠴᠤ ᠵᠣᠭᠰᠣᠬᠤ

ᠠᠴᠢᠶ᠎ᠠ ᠪᠠᠷᠠᠭ᠎ᠠ ᠲᠡᠩᠨᠡᠵᠦ ᠤᠶ᠋ᠢᠯᠠ ᠶ᠋ᠢ ᠨᠢ ᠦᠵᠡᠬᠦ ᠭᠡᠵᠦ ᠪᠠᠶ᠋ᠢᠬᠤ ᠳ᠋ᠤ᠌

ᠠᠷᠠᠢ ᠥᠨᠳᠥᠷᠳᠡᠭᠡᠳ ᠪᠠᠶ᠋ᠢᠨ᠎ᠠ ‍ᠤᠤ ᠭᠡᠬᠦ ᠰᠢᠭ ᠥᠪᠡᠷ ᠢ᠋ᠶ᠋ᠡᠨ ᠬᠡᠪᠲᠡᠭᠡᠳ ᠥᠭᠬᠦ

 

ᠣᠷᠴᠢᠯᠠᠩ ᠶᠡᠬᠡ ᠳᠡᠯᠡᠬᠡᠢ ᠨᠠᠷᠠ ᠪᠠᠨ ᠪᠦᠲᠦᠨ ᠲᠣᠭᠣᠷᠢᠲᠠᠯ᠎ᠠ

ᠣᠯᠳᠠᠭᠰᠠᠨ ᠵᠢᠭᠠᠬᠠᠨ ᠦᠷ᠎ᠡ ᠪᠡᠨ ᠬᠡᠪᠡᠯᠢ ᠳ᠋ᠡᠭᠡᠨ ᠲᠡᠭᠡᠭᠡᠵᠦ ᠥᠰᠬᠡᠳᠡᠭ

ᠣᠯᠠᠨ ᠬᠥᠪᠡᠭᠡᠨ ᠦ᠌ ᠴᠠᠭᠠᠨ᠎ᠠ ᠪᠤᠲᠠᠨ ᠤ᠋ ᠴᠡᠴᠡᠭ ᠲᠦ᠍ ᠰᠣᠭᠲᠣᠭᠰᠠᠨ ᠴᠤ᠌

ᠥᠬᠢᠨ ᠪᠣᠲᠣᠭᠣ ᠪᠠᠨ ᠭᠤᠩᠭᠠᠨᠢᠬᠤ ᠳ᠋ᠤ᠌ ᠰᠡᠪᠬᠢᠲᠡᠯ᠎ᠡ ᠡᠷᠭᠢᠭᠡᠳ ᠲᠡᠰᠢᠭᠦᠯᠳᠡᠭ

 

ᠠᠭᠠᠷᠤ ᠽᠠᠨᠳᠠᠨ ᠰᠢᠭᠤᠢ ᠰᠢᠭ᠋ ᠬᠦᠷᠢᠶᠡᠲᠦᠨ ᠰᠦᠷᠦᠭᠯᠡᠵᠦ ᠶᠠᠪᠤᠬᠤ ᠳ᠋ᠤᠨᠢ ᠲᠡᠮᠡᠭᠡ ᠯᠡ ᠭᠡᠳᠡᠭ

ᠠᠶᠠᠰ ᠤ᠋ᠨ ᠰᠠᠯᠬᠢ ᠳ᠋ᠠᠭᠠᠨ ᠣᠷᠣ ᠭᠠᠭᠴᠠᠭᠠᠷ ᠶᠠᠪᠤᠬᠤ ᠳ᠋ᠤᠨᠢ ᠲᠡᠮᠡᠭᠡ ᠯᠡ ᠭᠡᠳᠡᠭ

ᠠᠯᠬᠠᠭᠯᠠᠬᠤ ᠼᠢᠷᠺ ᠦ᠋ᠨ ᠮᠠᠨᠧᠵᠢ ᠳᠤ ᠠᠶᠠᠯᠭᠤᠲᠤ ᠬᠥᠭᠵᠢᠮ ᠦ᠋ᠨ ᠡᠬᠡᠰᠢᠭ ᠢ᠋ᠶ᠋ᠡᠷ

ᠠᠯᠳᠠᠷᠲᠤ ᠸᠠᠯᠢᠰ ᠪᠥᠵᠢᠬᠦ ᠳ᠋ᠦ᠍ᠨᠢ ᠴᠦ᠍ ᠵᠦᠴᠦᠭᠡᠴᠢᠨ ᠭᠡᠳᠡᠭ ᠦᠭᠡᠢ ᠲᠡᠮᠡᠭᠡ ᠯᠡ ᠭᠡᠳᠡᠭ

 

ᠰᠠᠨᠠᠭ᠎ᠠ ᠰᠡᠷᠭᠡᠭ ᠦᠭᠡᠢ ᠲᠠᠶ᠋ᠢᠪᠤᠩ ᠳ᠋ᠠᠭᠠᠨ ᠦᠷ᠎ᠡ ᠪᠡᠨ ᠭᠣᠯᠣᠵᠤ ᠮᠤᠩᠭᠠᠨᠢᠬᠤ ᠳ᠋ᠤᠨᠢ

ᠰᠠᠭᠠᠯᠢ ᠶ᠋ᠢᠨ ᠦᠨᠦᠷ ᠬᠠᠩᠬᠤᠯᠤᠭᠰᠠᠨ ᠪᠦᠰᠡᠭᠦᠢ ᠬᠥᠮᠦᠨ ᠬᠥᠭᠡᠰᠦᠯᠡᠵᠦ

ᠰᠠᠯᠬᠢᠨ ᠳ᠋ᠤ᠌ ᠴᠤ᠌ ᠡᠭᠡᠰᠢᠭᠯᠡᠳᠡᠭ ᠬᠤᠭᠤᠷ ᠢ᠋ᠶ᠋ᠠᠨ ᠤᠴᠢᠷᠯᠠᠭᠤᠯᠤᠨ ᠲᠠᠲᠠᠭᠠᠳ ᠥᠭᠬᠦᠯᠡᠷ

ᠰᠠᠢᠬᠠᠨ ᠬᠦᠷᠡᠩ ᠨᠢᠳᠦᠨ ᠡᠴᠡ ᠪᠡᠨ ᠨᠢᠯᠪᠤᠰᠤ ᠪᠥᠮᠪᠥᠷᠢᠭᠦᠯᠦᠨ ᠭᠡᠮᠰᠢᠳᠡᠭ

ᠨᠡᠭᠡᠷᠡᠨ ᠪᠢ ᠲᠡᠶ᠋ᠢᠮᠦ ᠠ᠋ ᠭᠡᠬᠦ ᠰᠢᠭ

ᠨᠡᠷ᠎ᠡ ᠨᠢ ᠬᠦᠷᠲᠡᠯ᠎ᠡ ᠲᠡᠮᠡᠭᠡ

 

ᠢᠷᠭᠤᠶ᠋ᠢᠲᠤ ᠳᠡᠯᠡᠬᠡᠢ ᠶ᠋ᠢᠨ ᠪᠡᠯᠴᠢᠭᠡᠷ ᠲᠦ᠍ ᠴᠥᠭᠡᠷᠡᠵᠦ ᠪᠠᠶ᠋ᠢᠬᠤ ᠨᠢ ᠬᠠᠷᠠᠮᠰᠠᠮᠠᠷ

ᠢᠯᠳᠠᠮᠬᠠᠨ ᠬᠥᠨᠲᠡᠭᠦᠤ ᠦᠭᠡᠢ ᠲᠡᠮᠡᠭᠡ ᠪᠡᠨ ᠬᠠᠶ᠋ᠢᠷᠠᠯᠠᠵᠤ ᠥᠰᠬᠡᠶ᠎ᠡ ᠲᠠ ᠮᠢᠨᠢ

ᠢᠷᠠᠭᠤ ᠡᠨᠡ ᠣᠷᠴᠢᠯᠠᠩ ᠳ᠋ᠤ᠌ ᠪᠤᠰᠤᠷᠮᠠᠭ ᠵᠠᠩ ᠲᠠᠢ ᠶᠠᠪᠤᠭᠰᠠᠨ ᠠ᠋ᠴᠠ

ᠶᠠᠳᠠᠬᠤ ᠳ᠋ᠠᠭᠠᠨ ᠲᠡᠮᠡᠭᠡ ᠰᠢᠭ ᠶᠠᠪᠤᠬᠤ ᠰᠠᠨ ᠭᠡᠵᠦ ᠪᠢ ᠯᠡ ᠬᠣᠪᠢᠨ ᠳ᠋ᠠᠭᠠᠨ ᠪᠣᠳᠣᠨᠠᠮ

 

ᠣᠨᠢᠰᠣᠲᠤ ᠬᠦᠷᠳᠦᠲᠦ ᠮᠠᠰᠢᠨ ᠤ᠋ ᠮᠠᠨᠢ ᠭᠠᠯ ᠲᠣᠰᠣ ᠳᠤᠲᠠᠭᠠᠳ

ᠣᠴᠢᠬᠤ ᠭᠠᠵᠠᠷ ᠤ᠋ᠨ ᠳᠤᠮᠳᠠ ᠰᠠᠭᠠᠲᠠᠵᠤ ᠶᠠᠭᠤᠨ ᠤ᠋ ᠮᠠᠭᠠᠳ ᠪᠣᠢ ?

ᠣᠯᠣᠰᠣ ᠳᠡᠭᠡᠰᠦ ᠪᠡᠷ ᠬᠥᠲᠥᠯᠦᠭᠡᠳ ᠬᠠᠮᠢᠭ᠎ᠠ ᠴᠤ᠌ ᠬᠦᠷᠦᠭᠰᠡᠨ ᠢᠲᠡᠭᠡᠯ ᠲᠡᠢ

ᠣᠯᠠᠨ ᠰᠠᠢᠬᠠᠨ ᠲᠡᠮᠡᠭᠡ ᠮᠥᠩᠬᠡ ᠶ᠋ᠢᠨ ᠨᠠᠶ᠋ᠢᠲᠠᠪᠤᠷᠢᠲᠤ ᠤᠨᠤᠭ᠎ᠠ

 

ᠲᠡᠮᠡᠭᠡ — ᠲᠠᠪᠤᠨ ᠬᠣᠰᠢᠭᠤ ᠮᠠᠯ ᠤ᠋ᠨ ᠮᠢᠨᠢ ᠨᠢᠭᠡ

ᠲᠡᠮᠡᠭᠡ — ᠲᠠᠪᠤᠨ ᠠᠮᠢᠳᠤ ᠡᠷᠳᠡᠨᠢ ᠶ᠋ᠢᠨ ᠮᠢᠨᠢ ᠨᠢᠭᠡ

ᠲᠡᠮᠡᠭᠡ — ᠲᠠᠪᠤᠨ ᠲᠢᠪ ᠦ᠋ᠨ ᠤᠯᠤᠰ ᠠ᠋ᠴᠠ ᠮᠠᠨ ᠤ᠋ ᠳ᠋ᠤ᠌ ᠯᠠ ᠢᠯᠡᠭᠦᠦ ᠲᠡᠢ ᠪᠤᠢ

ᠲᠡᠮᠡᠭᠡ — ᠲᠠᠯ᠎ᠠ ᠂ ᠬᠠᠩᠭᠠᠢ ᠂ ᠭᠣᠪᠢ ᠭᠤᠷᠪᠠᠨ ᠨᠤᠲᠤᠭ ᠲᠤ᠌ ᠮᠢᠨᠢ ᠳᠦᠭᠦᠷᠡᠩ ᠪᠣᠢ

 

  ᠦᠰᠦᠭ ᠠᠮᠢᠯᠠᠭᠤᠯᠤᠭᠴᠢ ᠄ ᠰᠠᠶ᠋ᠢᠵᠢᠷᠠᠬᠤ

  ᠬᠢᠨᠠᠭᠴᠢ ᠄ ᠪᠠᠶᠠᠷᠴᠡᠴᠡᠭ

2023/04/01

 

Тэмээ
П.Бадарч

Тэмээ-таван хошуу малын минь нэг
Тэмээ- таван амьд эрдэнийн минь нэг
Тэмээ- таван тивийн улсаас манайд олон бий
Тэмээ- тал, хангай, говь гурван нутагт минь бий
Арслан, заантай цуг бэлчиж сая жилийн тэртээд ч байсан
Айл, хүн хоёртой ижилсэж таван мянган жилийг элээсэн
Амгалан, аварга хоёрын бэлгэдэл мэт биетэй заяасан
Алтан дэлхийд энэ тэмээ гэдэг сайхан амьтаан
Нээрээ би тийм ээ гэх шиг
Нэр нь хүртэл тэмээ
Туг ширээ бөхнөөс нь халуун илч дүүгээд
Тууж явахад хүртэл дулаахан гэж жигтэйхэн
Туульс үлгэрт баатар болон хэлцэгдсэн ч
Туулай элэнцтэйгийг нь бодохоор өрөвдөм хөөрхий.
Ус нэг уугаад гарвал гурван гурав өс хонодог
Уяж сойгоод эдлэхэд гучин хоног өл даадаг
Урт холын аянд эцэж цуцсан гэж дуулдаагүй
Унаган говио орлиж нутаг ердөө шилээгүй
Найрсаг итгэмтгий зангийг нь домогт өгүүлэхдээ
Найранд очих буганд эврээ өгсөн гэдэг юм
Надад эврийг минь авчирч явна уу хэмээн
Найдвар горь тасрахгүй одоо ч алсыг харуулдсаар
Туждаа үнэнчийн батлагаа хэрсэг гэдэг нь аргагүй
Тулганы үнсийг ч санаад хоньтой хотож ирдэг
Туурга нэвт шуургыг өдөржийн газраас мэдэрч
Тухалж нэг л хэвтвэл тэнгэр аястал тэсдэг
θргөн орчлонд ургасан өвс цэцгэн дундаас
θргөст бут шаваг, аль л хатуу хүтүүд нь дурлах
θлгийтэй жаахан хүүгээ бөхнөөс нь зүүгээд нүүхэд
θөжин хөдөлгөх ээж шиг нь бүүвэй бүүвэй гэж алхлах
Авгай хүүхэд шаваад ноосы нь зулгааж байхад
Ав ав гэх шиг гув гув дуугарч зогсох
Ачаа бараа тэгнэж үйлий нь үзэх гэж байхад
Арай өндөрдөөд байна уу гэх шиг өөрөө хэвтээд намсах
Орчлон эх дэлхий нараа бүтэн тойртол
Олдсон жаахан үрээ хэвлийдээ тээж єсгєдєг
Олон гүвээний цаана бутны цэцгэнд согтсон ч
Охин ботгоо гунганахад сэвхийтэл эргээд тэшүүлдэг
Агар зандан шугуй шиг хүрээнтэн сүрэглэж явахад нь ч тэмээ л гэдэг
Аясын салхи дагаж орь ганцаараа явахад нь ч тэмээ л гэдэг
Алаглах циркийн манежед аялгуут хөгжмийн эгшгээр
Алдарт вальс бүжиглэхэд нь ч, жүжигчин гэдэггүй тэмээ л гэдэг
Санаа сэрэггүй тайвандаа үрээ голж мунгинахад нь
Саалийн үнэр ханхалсан бүсгүй хүн хөөсөлж
Салхинд ч эгшиглэдэг хуураа учирлуулан татаад єгєхлєєр
Сайхан хүрэн нүднээсээ нулимс бөмбөрүүлэн гэмшдэг
Нээрээ би тиим ээ гэх шиг
Нэр нь хүртэл тэмээ.
Яргуйт дэлхийн бэлчээрт цөөхөрч байх нь харамсалтай
Ялдамхан энэ орчлонд бусармаг зантай явснаас
Ядахдаа тэмээ шиг явахсан гэж би л ховиндоо бодном
Оньст хүрдэт машины минь гал тос дутаад
Очих газрын дунд саатаж юуны магад бий?
Олс дээсээр хөтлөөд хаа ч хүрсэн итгэлтэй
Оньст техникээс ялгаатай тэмээ-мөнхийн найдварт унаа
Тэмээ-таван хошуу малын минь нэг
Тэмээ-таван амьд эрдэнийн минь нэг
Тэмээ-таван тивийн улсаас манайд л илүүтэй бий
Тэмээ-тал, хангай, говь гурвал нутагт минь дүүрэн бэлчиж байг!

Болор цом 1987 оны тэргүүн шүлэг