ᠴᠢᠨᠦ ᠦᠭᠡᠢ ᠳ᠋ᠦ᠍- ᠪ ᠰᠠᠷᠠᠨᠲᠤᠶᠠᠭ᠎ᠠChinii ügüid-B SarantuyaaЧиний үгүйд-б сарантуяаChiniiUguid ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠢᠨᠦ ᠦᠭᠡᠢ ᠳ᠋ᠦ᠍- ᠪ ᠰᠠᠷᠠᠨᠲᠤᠶᠠᠭ᠎ᠠChinii ügüid-B SarantuyaaЧиний үгүйд-б сарантуяаChiniiUguid

ᠴᠢᠨᠦ ᠦᠭᠡᠢ ᠳ᠋ᠦ᠍- ᠪ ᠰᠠᠷᠠᠨᠲᠤᠶᠠᠭ᠎ᠠChinii ügüid-B SarantuyaaЧиний үгүйд-б сарантуяаChiniiUguid

ᠠᠩᠭᠢᠯᠠᠯ:ᠳᠠᠭᠤᠤ ᠬᠥᠭᠵᠢᠮ
2024-03-26

283

ᠴᠢᠨᠦ ᠦᠭᠡᠢ ᠳ᠋ᠦ᠍

   ᠪᠠ᠊ · ᠰᠠᠷᠠᠨᠲᠤᠶᠠᠭ᠎ᠠ
ᠬᠦᠰᠡᠯ ᠲᠠᠲᠠᠭᠰᠠᠨ ᠬᠠᠪᠤᠷ ᠪᠣᠯᠳᠠᠭ ᠢ᠋ᠶ᠋ᠠᠷ ᠢ᠋ᠶ᠋ᠠᠨ ᠪᠣᠯᠤᠯ᠎ᠠ
ᠬᠦᠯᠢᠶᠡᠵᠦ ᠪᠠᠶ᠋ᠢᠬᠰᠠᠨ ᠰᠢᠪᠠᠭᠤᠳ ᠢᠷᠡᠳᠡᠭ ᠢ᠋ᠶ᠋ᠡᠷ ᠢ᠋ᠶ᠋ᠡᠨ ᠢᠷᠡᠯ᠎ᠡ
ᠬᠠᠶ᠋ᠢᠷ᠎ᠠ ᠶ᠋ᠢᠨ ᠪᠢᠴᠢᠬᠠᠨ ᠲᠦᠭᠡᠯ ᠨᠠᠬᠢᠶ᠎ᠠ ᠪᠠᠨ ᠳᠡᠯᠭᠡᠯ᠎ᠡ
ᠬᠠᠷᠢᠨ ᠭᠠᠭᠴᠠᠬᠠᠨ ᠴᠢᠮ᠎ᠠ ᠶ᠋ᠢ ᠪᠡᠨ ᠪᠢ ᠦᠭᠡᠶ᠋ᠢᠯᠡᠨ᠎ᠡ
ᠠᠩᠭᠠᠭᠰᠠᠨ ᠰᠡᠳᠬᠢᠯ ᠦ᠋ᠨ ᠮᠢᠨᠢ ᠲᠠᠯ᠎ᠠ ᠳ᠋ᠤ᠌ ᠬᠤᠷ᠎ᠠ ᠪᠣᠯᠤᠨ ᠣᠷᠣᠭᠠᠴᠢ
ᠠᠮᠠᠷᠠᠭ ᠰᠡᠳᠬᠢᠯ ᠦ᠋ᠨ ᠮᠢᠨᠢ ᠨᠠᠭᠤᠷᠠᠨ ᠳ᠋ᠤ᠌ ᠬᠤᠨ ᠪᠣᠯᠤᠨ ᠤᠮᠪᠠᠭᠠᠴᠢ

ᠬᠤᠷ᠎ᠠ ᠪᠣᠷᠣᠭᠠᠨ ᠤ᠋ ᠤᠰᠤ ᠬᠠᠭᠤᠷᠠᠢ ᠭᠠᠵᠠᠷ ᠊ᠢ ᠳᠡᠪᠲᠦᠭᠡᠯ᠎ᠡ
ᠬᠤᠨ ᠤ᠋ ᠰᠦᠷᠦᠭ ᠨᠢᠰᠴᠦ ᠨᠠᠭᠤᠷ ᠤ᠋ᠨ ᠬᠥᠪᠡᠭᠡᠨ ᠳ᠋ᠦ᠍ ᠪᠠᠭᠤᠯ᠎ᠠ
ᠭᠠᠵᠠᠷ ᠳᠡᠯᠡᠬᠡᠢ ᠶ᠋ᠢ ᠰᠡᠷᠭᠦᠭᠡᠵᠦ ᠭᠠᠩᠭᠠᠩ ᠴᠡᠴᠡᠭᠡᠰ ᠳᠡᠯᠭᠡᠷᠡᠯ᠎ᠡ
ᠭᠠᠭᠴᠠᠬᠠᠨ ᠴᠢᠨᠦ ᠦᠭᠡᠢ ᠳ᠋ᠦ᠍ ᠭᠠᠩᠰᠠᠷᠠᠬᠤ ᠰᠡᠳᠬᠢᠯ ᠲᠥᠷᠥᠨ᠎ᠡ
ᠠᠩᠭᠠᠭᠰᠠᠨ ᠰᠡᠳᠬᠢᠯ ᠦ᠋ᠨ ᠮᠢᠨᠢ ᠲᠠᠯ᠎ᠠ ᠳ᠋ᠤ᠌ ᠬᠤᠷ᠎ᠠ ᠪᠣᠯᠤᠨ ᠣᠷᠣᠭᠠᠴᠢ
ᠠᠮᠠᠷᠠᠭ ᠰᠡᠳᠬᠢᠯ ᠦ᠋ᠨ ᠮᠢᠨᠢ ᠨᠠᠭᠤᠷᠠᠨ ᠳ᠋ᠤ᠌ ᠬᠤᠨ ᠪᠣᠯᠤᠨ ᠤᠮᠪᠠᠭᠠᠴᠢ
ᠠᠩᠭᠠᠭᠰᠠᠨ ᠰᠡᠳᠬᠢᠯ ᠦ᠋ᠨ ᠮᠢᠨᠢ ᠲᠠᠯ᠎ᠠ ᠳ᠋ᠤ᠌ ᠬᠤᠷ᠎ᠠ ᠪᠣᠯᠤᠨ ᠣᠷᠣᠭᠠᠴᠢ
ᠠᠮᠠᠷᠠᠭ ᠰᠡᠳᠬᠢᠯ ᠦ᠋ᠨ ᠮᠢᠨᠢ ᠨᠠᠭᠤᠷᠠᠨ ᠳ᠋ᠤ᠌ ᠬᠤᠨ ᠪᠣᠯᠤᠨ ᠤᠮᠪᠠᠭᠠᠴᠢ

ᠠᠩᠭᠠᠭᠰᠠᠨ ᠰᠡᠳᠬᠢᠯ ᠦ᠋ᠨ ᠮᠢᠨᠢ ᠲᠠᠯ᠎ᠠ ᠳ᠋ᠤ᠌ ᠬᠤᠷ᠎ᠠ ᠪᠣᠯᠤᠨ ᠣᠷᠣᠭᠠᠴᠢ
ᠠᠮᠠᠷᠠᠭ ᠰᠡᠳᠬᠢᠯ ᠦ᠋ᠨ ᠮᠢᠨᠢ ᠨᠠᠭᠤᠷᠠᠨ ᠳ᠋ᠤ᠌ ᠬᠤᠨ ᠪᠣᠯᠤᠨ ᠤᠮᠪᠠᠭᠠᠴᠢ

ᠠᠩᠭᠠᠭᠰᠠᠨ ᠰᠡᠳᠬᠢᠯ ᠦ᠋ᠨ ᠮᠢᠨᠢ ᠲᠠᠯ᠎ᠠ ᠳ᠋ᠤ᠌ ᠬᠤᠷ᠎ᠠ ᠪᠣᠯᠤᠨ ᠣᠷᠣᠭᠠᠴᠢ
ᠠᠮᠠᠷᠠᠭ ᠰᠡᠳᠬᠢᠯ ᠦ᠋ᠨ ᠮᠢᠨᠢ ᠨᠠᠭᠤᠷᠠᠨ ᠳ᠋ᠤ᠌ ᠬᠤᠨ ᠪᠣᠯᠤᠨ ᠤᠮᠪᠠᠭᠠᠴᠢ

   ᠦᠰᠦᠭ ᠬᠠᠲᠠᠭᠰᠠᠨ ᠨᠢ ᠄ ᠬᠠᠪᠤᠷᠵᠢᠶ᠎ᠠ
   ᠦᠰᠦᠭ ᠠᠮᠢᠯᠠᠭᠤᠯᠤᠭᠰᠠᠨ ᠨᠢ ᠄ ᠮᠥᠩᠭᠥᠨᠴᠡᠴᠡᠭ