ᠰᠠᠷᠠᠨ ᠵᠡᠪᠡ – ᠵᠣᠬᠢᠶᠠᠯᠴᠢ᠂ ᠵᠢᠷᠤᠭᠠᠴᠢ ᠲ᠂ ᠮᠠᠨᠳᠢᠷ ( ᠲᠡᠦᠬᠡᠨ ᠲᠤᠭᠤᠵᠢ )– ᠳᠥᠷᠪᠡᠳᠦᠭᠡᠷ ᠪᠦᠯᠦᠭ Саран зэв – Зохиолч ᠂ Зураач – Т᠂ мандир ( Түүхэн тууж ) – дөрөвдүгээр бүлэг ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠷᠠᠨ ᠵᠡᠪᠡ – ᠵᠣᠬᠢᠶᠠᠯᠴᠢ᠂ ᠵᠢᠷᠤᠭᠠᠴᠢ ᠲ᠂ ᠮᠠᠨᠳᠢᠷ ( ᠲᠡᠦᠬᠡᠨ ᠲᠤᠭᠤᠵᠢ )– ᠳᠥᠷᠪᠡᠳᠦᠭᠡᠷ ᠪᠦᠯᠦᠭ Саран зэв – Зохиолч ᠂ Зураач – Т᠂ мандир ( Түүхэн тууж ) – дөрөвдүгээр бүлэг

ᠰᠠᠷᠠᠨ ᠵᠡᠪᠡ – ᠵᠣᠬᠢᠶᠠᠯᠴᠢ᠂ ᠵᠢᠷᠤᠭᠠᠴᠢ ᠲ᠂ ᠮᠠᠨᠳᠢᠷ ( ᠲᠡᠦᠬᠡᠨ ᠲᠤᠭᠤᠵᠢ )– ᠳᠥᠷᠪᠡᠳᠦᠭᠡᠷ ᠪᠦᠯᠦᠭ Саран зэв – Зохиолч ᠂ Зураач – Т᠂ мандир ( Түүхэн тууж ) – дөрөвдүгээр бүлэг

ᠠᠩᠭᠢᠯᠠᠯ:ᠲᠡᠦᠬᠡ ᠰᠣᠶᠣᠯ
2023-03-27

298

ᠰᠠᠷᠠᠨ ᠵᠡᠪᠡ – ᠲᠥᠷᠪᠡᠳᠦᠭᠡᠷ ᠪᠦᠯᠦᠭ


    《 ᠤᠷᠭᠤᠬᠤ ᠰᠠᠨᠠᠭ᠎ᠠ ᠳᠦᠷᠦᠭᠦᠯᠦᠭᠡᠳ  ᠥᠭᠭᠦᠶ᠎ᠡ ᠯᠡ ᠊ᠳᠠ》 ᠭᠡᠵᠦ ᠲᠦᠷᠦᠭᠦᠬᠡᠨ ᠰᠦᠪᠡᠭᠡᠳᠡᠢ ᠪᠠᠭᠠᠲᠤᠷ ᠊ᠤᠨ ᠵᠠᠩᠨᠠᠵᠤ ᠪᠠᠶ᠋ᠢᠬᠰᠠᠨ ᠊ᠢ ᠰᠠᠨᠠᠭᠠᠳ ᠱᠠᠮᠳᠠᠭᠠᠢ ᠡᠨᠡ ᠶᠠᠪᠤᠳᠠᠯ ᠶᠠᠭᠤ ᠪᠠᠷ ᠲᠡᠭᠦᠰᠬᠦ ᠶ᠋ᠢ  ᠰᠠᠢᠨ ᠤᠬᠠᠭᠠᠷᠠᠵᠤ ᠬᠠᠯᠠ  ᠦᠵᠡᠭᠰᠡᠨ ᠵᠠᠯᠠᠭᠤ ᠵᠢᠷᠦᠬᠡ ᠨᠢ  ᠡᠮᠵᠡᠭᠯᠡᠵᠦ ᠪᠠᠶ᠋ᠢᠪᠠ᠃ ᠭᠣᠣᠯ ᠥᠷᠭᠥᠭᠡ ᠬᠦᠷᠳᠡᠯ ‍ᠡ᠋ ᠰᠦᠷᠡᠬᠡᠢ ᠶᠠᠭᠠᠷᠠᠨ ᠠᠯᠬᠤᠭᠰᠠᠨ  ᠴᠤ᠌ ᠡᠨᠡ ᠵᠠᠪᠰᠠᠷ ᠴᠥᠭᠡᠨ ᠦᠭᠡᠢ ᠵᠤᠶ᠋ᠢᠯ ᠊ᠢ ᠡᠷᠭᠢᠴᠡᠭᠦᠯᠦᠨ ᠪᠣᠳᠣᠵᠤ ᠠᠮᠵᠢᠵᠠᠢ᠃ ᠤᠯᠤᠰ ᠭᠡᠷ ᠊ᠤᠨ ᠬᠡᠷᠡᠭ  ᠭᠡᠭᠴᠢ ᠪᠦᠲᠦᠵᠦ ᠪᠦᠷᠢᠯᠳᠦᠭᠡᠳ ᠪᠠᠶ᠋ᠢᠬᠣ ᠳ᠋ᠠᠭᠠᠨ ᠪᠠᠬᠠᠳᠤᠮᠠᠷ  ᠰᠠᠢᠬᠠᠨ ᠪᠣᠯᠪᠠᠴᠤ ᠲᠡᠰᠴᠦ ᠮᠠᠨᠳᠤᠬᠤ ᠬᠦᠷᠳᠡᠯ ‍ᠡ᠋ ᠮᠠᠭᠤ ᠮᠠᠭᠤᠬᠠᠢ ᠂ ᠦᠨᠡᠨ ᠬᠤᠳᠠᠯ ᠂  ᠠᠷᠭ᠎ᠠ ᠪᠠᠰᠢᠷ ᠂ ᠴᠢᠰᠤ ᠬᠥᠯᠥᠰᠥ ᠂ ᠶᠡᠷᠦ ᠶᠠᠭᠤ ᠡᠰᠡ ᠶ᠋ᠢ ᠦᠵᠡᠨ ᠥᠩᠭᠡᠷᠡᠭᠡᠳᠡᠭ ᠪᠢᠯᠡ᠃ ᠲᠡᠶ᠋ᠢᠮᠤ ᠯᠠ ᠨᠢᠭᠡ ᠬᠡᠴᠡᠭᠦᠦ ᠬᠣᠮᠣᠷᠭᠠᠨ ᠳ᠋ᠤ᠌ ᠲᠡᠷᠡ ᠪᠡᠷ ᠶᠠᠭᠠᠬᠢᠬᠤ ᠊ᠴᠤ  ᠠᠷᠭ᠎ᠠ ᠦᠭᠡᠢ ᠣᠷᠣᠵᠤ ᠶᠠᠪᠤᠴᠢᠬᠠᠬᠤ ᠨᠢ ᠡᠨᠡ ᠪᠠᠶ᠋ᠢᠵᠠᠢ᠃ ᠡᠶ᠋ᠢᠮᠤ ᠦᠢ ‍ᠠ᠋ ᠳ᠋ᠤ᠌  ᠣᠷᠣᠭ᠎ᠠ ᠪᠣᠰᠬᠠᠭ᠎ᠠ ᠪᠣᠳᠣᠯ ᠊ᠤᠨ ᠬᠡᠷᠡᠭ ᠦᠭᠡᠢ ᠂ ᠡᠵᠡᠨ ᠪᠠᠭᠠᠲᠤᠷ ᠊ᠤᠨ ᠵᠠᠬᠢᠭᠰᠠᠨ ᠊ᠢ ᠬᠥᠬᠡ ᠲᠥᠷᠥ ᠶ᠋ᠢᠨ ᠵᠠᠷᠯᠢᠭ ᠭᠡᠮᠡᠨ ᠰᠠᠨᠠᠵᠤ ᠂ ᠴᠢᠳᠠᠯ ᠤᠬᠠᠭᠠᠨ ᠢ᠋ᠶ᠋ᠠᠨ ᠰᠢᠪᠬᠠᠨ  ᠵᠢᠳᠬᠦᠬᠦ ᠭᠠᠭᠴᠠ ᠯᠠ ᠵᠠᠮ ᠪᠣᠢ᠃   ᠨᠠᠷᠠ  ᠪᠠᠷᠠᠭᠤᠨ᠎ᠠ ᠭᠣᠳᠣᠶ᠋ᠢᠵᠠᠢ᠃ ᠦᠷᠭᠦᠭᠡᠨ ᠊ᠤ  ᠡᠮᠦᠨ᠎ᠡ ᠪᠠᠷᠰ ᠊ᠤᠨ ᠠᠷᠠᠰᠤ ᠪᠠᠷ  ᠪᠦᠲᠡᠭᠡᠭᠰᠡᠨ ᠪᠠᠬᠢᠮ ᠢᠰᠡᠭᠡᠢ ᠳᠡᠭᠡᠷ ‍ᠡ᠋ ᠰᠦᠪᠡᠭᠡᠳᠡᠢ ᠰᠠᠭᠤᠭᠠᠳ ᠬᠠᠵᠠᠭᠤ ᠳ᠋ᠤ᠌ ᠨᠢ ᠥᠨᠥᠬᠢ ᠰᠢᠷᠢ ᠬᠡᠯᠡᠮᠦᠷᠴᠢ ᠵᠣᠭᠰᠣᠵᠤ ᠂ ᠲᠣᠮᠣ ᠮᠥᠩᠭᠥᠨ ᠴᠣᠮᠣ ᠶ᠋ᠢ ᠤᠯᠠᠭᠠᠨ ᠬᠦᠷᠡᠩ ᠳᠠᠷᠠᠰᠤ ᠪᠠᠷ ᠪᠠᠶ᠋ᠢᠨ ᠪᠠᠶ᠋ᠢᠨ ᠳᠦᠭᠦᠷᠭᠡᠵᠦ ᠡᠷᠭᠦᠬᠦ ᠳ᠋ᠦ᠍ ᠪᠠᠭᠠᠲᠤᠷ ᠠᠵᠢ᠊ᠭ ᠦᠭᠡᠢ ᠲᠣᠰᠣᠨ ᠠᠪᠴᠤ ᠬᠦᠷᠲᠡᠬᠦ ᠵᠠᠭᠣᠷ ‍ᠠ᠋ ᠂  ᠡᠮᠦᠨ᠎ᠡ ᠪᠠᠨ  ᠰᠥᠬᠥᠷᠡᠭᠦᠯᠦᠭᠰᠡᠨ ᠪᠠᠷᠳᠠᠢ ᠰᠡᠴᠡᠨ ᠊ᠢ ᠬᠢᠯᠢᠩᠲᠦ ᠨᠢᠳᠦ ᠪᠡᠷ ᠰᠢᠷᠲᠡᠬᠦ ᠠᠵᠤᠭᠤ᠃   ᠠᠷᠪᠠᠭᠠᠳ  ᠬᠡᠰᠢᠭᠲᠡᠨ ᠬᠠᠭᠠᠰ ᠬᠦᠷᠢᠶᠡᠯᠡᠨ ᠵᠣᠭᠰᠣᠵᠤ ᠂ ᠡᠶ᠋ᠢᠮᠥᠷᠬᠦ ᠦᠢ ‍ᠠ᠋ ᠳ᠋᠊ᠤ ᠵᠠᠪᠠᠯ ᠪᠠᠶ᠋ᠢᠯᠴᠠᠬᠣ ᠤᠴᠢᠷᠲᠠᠢ ᠴᠡᠷᠪᠢ ᠨᠠᠷ ᠬᠢᠭᠡᠳ ᠵᠠᠭᠤᠲᠤ ᠶ᠋ᠢᠨ ᠨᠣᠶᠠᠳ ᠥᠪᠡᠷᠰᠡᠳ ᠢ᠋ᠶ᠋ᠡᠨ  ᠰᠢᠢᠳᠬᠡᠭᠦᠯᠵᠦ ᠪᠠᠢᠭ᠎ᠠ ᠮᠡᠲᠦ ᠪᠠᠷᠤᠭᠠᠷ ᠴᠢᠷᠡᠶ᠋ᠢᠯᠠᠨ ᠲᠡᠷᠡᠦᠬᠡᠨ ᠳ᠋ᠦ᠍ ᠪᠥᠭᠡᠭᠡᠨᠡᠰᠬᠢᠵᠡᠢ᠃ ᠱᠠᠮᠳᠠᠭᠠᠢ ᠲᠡᠳᠡᠨ ᠊ᠢ ᠲᠠᠰᠢᠷᠯᠠᠨ ᠵᠣᠭᠰᠣᠵᠤ ᠠᠵᠢᠭᠯᠠᠪᠠ᠃ 
    — ᠴᠢᠨᠦ ᠤᠪᠠᠢ ᠦᠭᠡᠢ ᠳᠠᠭᠠᠷᠢᠨ ᠳᠣᠷᠣᠮᠵᠢᠯᠠᠬᠤ ᠦᠭᠡ ᠶ᠋ᠢ ᠪᠢ ᠭᠦᠢᠴᠡᠳ ᠰᠣᠨᠣᠰᠪᠠ᠃ ᠣᠳᠣ ᠮᠢᠨᠦ ᠣᠨᠣᠭᠠᠬᠤ ᠶᠠᠯ ‍ᠠ᠋ ᠶ᠋ᠢ ᠴᠢ ᠭᠦᠢᠴᠡᠳ ᠡᠲᠯᠡᠬᠦ ᠶᠣᠰᠣᠲᠠᠢ ᠭᠡᠵᠦ ᠰᠦᠪᠡᠭᠡᠳᠡᠢ ᠬᠡᠯᠡᠭᠡᠳ ᠪᠠᠷᠠᠭᠤᠨ ᠭᠠᠷ ᠢ᠋ᠶ᠋ᠠᠨ ᠶᠠᠯᠢ ᠦᠭᠡᠢ ᠡᠷᠭᠦᠬᠦ ᠳ᠋᠊ᠤ ᠬᠡᠰᠢᠭᠲᠡᠨ ᠤᠷᠤᠭᠰᠢ ᠳᠠᠪᠰᠢᠵᠤ ᠂  ᠪᠠᠷᠳᠠᠢ ᠰᠡᠴᠡᠨ ᠊ᠤ ᠮᠥᠷᠦᠨ ᠡᠴᠡ ᠨᠢ  ᠠᠳᠬᠤᠵᠤ ᠠᠪᠣᠪᠠ᠃ ᠪᠠᠷᠲᠠᠢ ᠲᠠᠶ᠋ᠢᠪᠤᠩ ᠢ᠋ᠶ᠋ᠠᠷ :  
    — ᠴᠢ ᠥᠨᠥᠳᠥᠷ ᠨᠠᠮᠠᠶ᠋ᠢ ᠵᠠᠨᠴᠢᠬᠤ ᠪᠣᠢ ᠊ᠶ ‍ᠠ᠋᠃ ᠮᠠᠷᠭᠠᠰᠢ ᠵᠥᠴᠢ ᠬᠠᠨ ᠬᠦᠦ ᠴᠢᠨᠦ ᠠᠳᠤᠭᠤᠨ ᠲᠣᠯᠣᠭᠠᠢ ᠶ᠋ᠢ ᠨᠠᠳᠠ ᠪᠠᠷ ᠲᠠᠰᠤ ᠴᠠᠪᠴᠢᠭᠤᠯᠤᠨ᠎ᠠ ᠭᠡᠳᠡᠭ ᠊ᠢ ᠮᠡᠷᠭᠢᠳ ᠊ᠤᠨ ᠣᠩᠭᠣᠳ ᠊ᠢ ᠪᠠᠷᠢᠵᠤ ᠲᠠᠩᠭᠠᠷᠢᠬᠯᠠᠶ ‍ᠠ᠋ ᠭᠡᠵᠡᠢ᠃ ᠰᠦᠪᠡᠭᠡᠳᠡᠢ ᠬᠦᠢᠲᠡᠨ ᠢ᠋ᠶ᠋ᠡᠷ ᠢᠨᠢᠶᠡᠮᠰᠦᠭᠯᠡᠵᠦ : 
    — ᠥᠴᠦᠬᠡᠨ ᠵᠢᠭᠠᠰᠤᠴᠢᠨ ᠊ᠤ ᠬᠣᠷᠣᠨ ᠦᠭᠡᠨ ᠳ᠋ᠦ᠍ ᠪᠢ ᠠᠭᠤᠷᠯᠠᠬᠤ ᠪᠠᠷ ᠦᠭᠡᠢ ᠭᠡᠳ  ᠬᠡᠰᠢᠭᠲᠡᠨ ᠨᠣᠭᠦᠳ ᠲ᠊ᠤ ᠬᠠᠨᠳᠤᠵᠤ :
    — ᠨᠠᠭᠠᠳᠤᠬᠢ ᠪᠠᠨ ᠮᠢᠨᠦ ᠨᠢᠳᠦᠨ ᠊ᠤ ᠡᠮᠦᠨ᠎ᠡ ᠲᠠᠪᠢᠨ ᠲᠠᠰᠢᠭᠤᠷ ᠵᠠᠨᠴᠢ ᠭᠡᠵᠦ ᠲᠤᠰᠢᠶᠠᠯ ‍ᠡ᠋᠃ ᠬᠡᠰᠢᠭᠲᠡᠨ ᠨᠣᠭᠦᠳ ᠪᠠᠷᠳᠠᠢ ᠶ᠋ᠢᠨ ᠳᠡᠪᠡᠯ ᠊ᠢ ᠲᠠᠶ᠋ᠢᠯᠵᠣ ᠨᠣᠭᠣᠭᠠᠨ ᠳᠡᠭᠡᠷ ‍ᠡ᠋ ᠬᠡ ᠳᠦᠷᠦᠭᠦᠯᠭᠡ ᠤᠨᠠᠭᠠᠭᠠᠳ ᠬᠥᠯ ᠳᠡᠭᠡᠷ ‍ᠡ᠋ ᠨᠢ ᠬᠣᠶᠠᠷ ᠬᠥᠮᠦᠨ ᠭᠢᠰᠬᠢᠬᠦ ᠳ᠋ᠦ᠍ ᠪᠠᠷᠲᠠᠢ :
    — ᠪᠢᠲᠡᠬᠢ ᠨᠣᠣᠯᠠᠭᠲᠤᠨ᠃ ᠲᠠᠪᠢ ᠪᠠᠶ᠋ᠢᠳᠣᠭᠠᠢ ᠲᠠᠪᠤᠨ ᠵᠠᠭᠤᠨ ᠲᠠᠰᠢᠭᠤᠷ ᠵᠠᠨᠴᠢᠪᠠᠴᠤ ᠪᠢ ᠶᠡᠷᠦ ᠪᠣᠰᠴᠤ ᠭᠤᠶᠤᠬᠤ ᠦᠭᠡᠢ ᠭᠡᠳ ᠭᠠᠷ ᠢ᠋ᠶ᠋ᠠᠨ ᠳᠡᠷᠡᠯᠡᠨ ᠦᠳᠡ ᠶ᠋ᠢᠨ ᠬᠠᠯᠠᠭᠤᠨ ᠳ᠋ᠤ᠌ ᠨᠣᠵᠣᠭᠠᠷᠠᠵᠤ ᠠᠮᠠᠷᠠᠬᠤ ᠪᠠᠷ ᠲᠤᠬᠠᠯᠠᠬᠤ ᠠᠶᠠᠲᠠᠢ ᠠᠵᠢ᠊ᠭ ᠦᠭᠡᠢ ᠬᠡᠪᠲᠡᠭᠡᠳ ᠥᠭᠪᠡ᠃
      ᠡᠨᠡ  ᠦᠶ᠎ᠡ ᠳ᠋ᠦ᠍ ᠨᠣᠶᠠᠳ ᠤ᠋ᠨ  ᠡᠭᠨᠡᠭᠡᠨ ᠦ᠌ ᠲᠦᠷᠦᠭᠦᠬᠡᠨ ᠪᠠᠷᠳᠠᠢ ᠰᠡᠴᠡᠨ ᠦ᠌ ᠠᠰᠠᠷ ᠲᠤ᠌ ᠲᠠᠶ᠋ᠢᠯᠠᠭᠤᠯᠵᠤ ᠠᠭᠰᠠᠨ ᠡᠪᠦᠭᠡᠵᠢᠶᠡᠷ ᠵᠠᠭᠣᠲᠠᠨ ᠤᠷᠤᠭᠰᠢ ᠠᠯᠬᠤᠵᠤ ᠂ ᠰᠦᠪᠡᠲᠡᠢ ᠳ᠋ᠦ᠍ ᠶᠣᠰᠣᠯᠠᠪᠠ ᠃ ᠪᠠᠭᠠᠲᠤᠷ ᠲᠡᠭᠦᠨ ᠊ᠢ ᠨᠢᠳᠦ ᠪᠤᠯᠤᠩᠳᠠᠨ ᠳᠤᠷᠠᠮᠵᠢᠬᠠᠨ ᠬᠠᠷᠠᠵᠤ ᠬᠦᠯᠢᠶᠡᠪᠡᠯ ᠵᠠᠭᠣᠲᠠᠨ ᠄ 
    ᠬᠡᠲᠦᠶ᠋ᠢᠪᠡᠷ ᠪᠠᠷᠳᠠᠢ ᠰᠡᠴᠡᠨ ᠴᠡᠷᠢᠭ ᠦ᠋ᠨ ᠶᠡᠷᠦᠳᠡ ᠶ᠋ᠢᠨ ᠴᠠᠭᠠᠵᠠ ᠶ᠋ᠢ ᠵᠥᠷᠢᠴᠡᠨ ᠡᠵᠡᠨ ᠵᠠᠩᠵᠤᠨ ᠊ᠢ ᠡᠯᠳᠡᠪ ᠢ᠋ᠶ᠋ᠡᠷ ᠰᠡᠷᠲᠡᠬ᠌ᠰᠡᠨ ᠶᠠᠯ᠎ᠠ ᠲᠠᠢ ᠪᠣᠯᠪᠠᠴᠤ ᠲᠡᠭᠦᠨ ᠦ᠌ ᠰᠢᠳᠤᠷᠭᠤ ᠰᠠᠨᠠᠭ᠎ᠠ ᠶ᠋ᠢ ᠪᠠᠰᠠ ᠪᠤᠳᠤᠯᠴᠠᠪᠠᠰᠤ ᠵᠣᠬᠢᠨ᠎ᠠ ᠃ ᠦᠨᠡᠬᠡᠷ ᠮᠠᠨ ᠤ᠋ ᠴᠡᠷᠢᠭ ᠦ᠋ᠨ ᠵᠢᠷᠤᠮ ᠰᠤᠯᠠᠷᠠᠵᠤ ᠂ ᠣᠷᠣᠬᠤ ᠡᠭᠡᠬᠦ ᠨᠢ ᠮᠡᠳᠡᠭᠳᠡᠬᠦ ᠦᠭᠡᠢ ᠪᠣᠯᠤᠭᠰᠠᠨ ᠨᠢ ᠯᠠᠪ  ᠡᠨᠡ ᠡᠳᠦᠷ ᠦ᠋ᠨ ᠬᠤᠪᠢ ᠳ᠋ᠤ᠌ ᠦᠨᠡᠨ ᠪᠢᠯᠡ ᠃ ᠪᠢᠳᠡ ᠶᠡᠷᠦ ᠬᠡᠵᠢᠶ᠎ᠡ ᠴᠦ᠍ ᠡᠶ᠋ᠢᠮᠦ  ᠳᠣᠣᠷ᠎ᠠ ᠳ᠋ᠤ᠌ ᠣᠷᠣᠵᠤ  ᠦᠵᠡᠭᠰᠡᠨ ᠦᠭᠡᠢ ᠂ ᠭᠡᠲᠡᠯ᠎ᠡ ᠡᠨᠳᠡ ᠬᠦᠷᠲᠡᠯ᠎ᠡ ᠰᠠᠷᠲᠠᠭᠤᠯ ᠬᠤᠳᠠᠯᠳᠤᠭᠠᠴᠢᠨ ᠵᠣᠭᠰᠣᠭᠠᠳ ᠪᠢᠳᠡᠨ ᠦ᠌ ᠮᠠᠭᠤ ᠮᠠᠭᠤᠬᠠᠢ ᠶ᠋ᠢ ᠬᠠᠷᠠᠵᠤ ᠪᠠᠶ᠋ᠢᠬ᠋᠎ᠠ ᠨᠢ ᠢᠴᠢᠮᠡᠷ ᠪᠤᠰᠤ ‍ᠤᠤ ᠭᠡᠪᠡ ᠃  
      ᠱᠠᠮᠲᠠᠭᠠᠢ ᠰᠠᠶᠢ ᠯᠠ ᠨᠥᠭᠥᠭᠡ ‍ᠤᠤ ᠦᠵᠦᠮ ᠦ᠋ᠨ ᠠᠷᠠᠯᠵᠢᠶᠠᠴᠢᠨ ᠊ᠢ ᠣᠯᠵᠤ ᠬᠠᠷᠠᠯ᠎ᠠ ᠃ ᠤᠰᠤᠨ ᠤ᠋ ᠭᠠᠩ ᠨᠤᠭᠤᠳ ᠊ᠢ ᠪᠠᠷᠠᠳᠠᠨ ᠵᠣᠭᠰᠣᠭᠠᠳ ᠪᠦᠬᠦᠢ ᠯᠡ ᠦᠢᠯᠡ ᠶᠠᠪᠤᠳᠠᠯ ᠊ᠢ ᠰᠦᠷᠡᠬᠡᠢ ᠰᠣᠬᠣᠭᠣᠷᠬᠠᠵᠣ ᠪᠠᠶ᠋ᠢᠬᠰᠠᠨ ᠲᠡᠷᠡ  ᠬᠥᠭᠰᠢᠨ ᠰᠠᠶᠢ ᠶ᠋ᠢᠨ ᠦᠭᠡ ᠶ᠋ᠢ ᠰᠣᠨᠣᠰᠤᠭᠠᠳ ᠬᠣᠷᠮᠣᠢ ᠴᠡᠴᠡᠷᠡᠬᠦ ᠶ᠋ᠢ ᠱᠠᠮᠲᠠᠭᠠᠢ ᠠᠵᠢᠵᠤ ᠂ ᠡᠨᠡ ᠬᠡᠰᠦᠭᠦᠯ ᠮᠣᠩᠭᠣᠯ ᠬᠡᠯᠡ ᠮᠡᠳᠡᠳᠡᠭ ᠪᠠᠶ᠋ᠢᠬᠤ ᠨᠢ ᠠ᠋ ᠭᠡᠵᠦ ᠰᠡᠷᠲᠭᠢᠨ ᠳᠦᠭᠰᠢᠯ᠎ᠡ᠃  ᠬᠠᠷᠢᠨ ᠲᠡᠷᠡ ᠬᠥᠭᠰᠢᠨ ᠪᠡᠶ᠎ᠡ ᠪᠡᠨ ᠳᠣᠣᠷᠠᠬᠠᠨ ᠨᠢ ᠵᠠᠰᠠᠵᠤ ᠂ ᠶᠠᠭᠤ ᠴᠤ᠌ ᠣᠶ᠋ᠢᠯᠠᠭᠠᠭᠰᠠᠨ ᠦᠭᠡᠢ ᠮᠡᠲᠦ ᠲᠡᠷᠢᠭᠦᠨ ᠢ᠋ᠶ᠋ᠡᠨ ᠳᠠᠷᠤᠨ ᠲᠡᠷᠡᠦᠬᠡᠨ ᠳ᠋ᠡᠭᠡᠨ ᠪᠦᠪᠦᠲᠡᠨᠡᠬᠦ ᠨᠢ ᠥᠷᠦᠪᠳᠦᠮᠡᠷ ᠃  ᠬᠡᠰᠢᠭᠲᠡᠨ ᠦ᠌ ᠨᠢᠭᠡ ᠨᠢ ᠵᠢᠳᠠ ᠪᠠᠨ ᠭᠣᠵᠣᠯᠵᠠᠭᠤᠯᠤᠨ ᠲᠡᠭᠦᠨ ᠊ᠢ ᠬᠥᠭᠡᠭᠡᠬᠦ ᠭᠡᠲᠡᠯ᠎ᠡ ᠰᠦᠪᠡᠲᠡᠢ ᠬᠣᠷᠢᠭᠯᠠᠨ ᠵᠣᠭᠰᠣᠭᠠᠪᠠ ᠃ 
    ᠪᠠᠶ᠋ᠢᠬ ᠃ ᠨᠤᠲᠤᠭ ᠤ᠋ᠨ ᠠᠷᠠᠳ ᠯᠤᠭ᠎ᠠ ᠨᠠᠶ᠋ᠢᠷ ᠵᠢᠷᠤᠮ ᠊ᠢ ᠰᠠᠬᠢᠬᠤ ᠶᠣᠰᠣᠲᠠᠢ ᠃ ᠪᠢ ᠡᠳᠡᠨ ᠊ᠢ ᠣᠷᠣᠭᠤᠯᠬᠤ ᠶ᠋ᠢ  ᠵᠥᠪᠰᠢᠶᠡᠷᠡᠭᠰᠡᠨ ᠶᠦ᠍ᠮ ᠃  ᠴᠠᠭᠠᠰᠢ ᠳ᠋ᠠᠭᠠᠨ ᠴᠤ᠌  ᠡᠨᠡ ᠢᠷᠭᠡᠳ ᠮᠠᠨ ᠤ᠋ ᠬᠦᠷᠢᠶᠡᠨ ᠳ᠋ᠦ᠍ ᠵᠦᠩ ᠢ᠋ᠶ᠋ᠡᠷ ᠢ᠋ᠶ᠋ᠡᠨ ᠵᠣᠷᠴᠢᠵᠤ ᠪᠣᠯᠤᠨ᠎ᠠ ᠃ ᠬᠡᠷᠪᠡ ᠬᠦᠰᠡᠪᠡᠯ ᠪᠢ  ᠡᠮᠦᠨ᠎ᠡ ᠵᠦᠭ ᠠᠶᠠᠯᠠᠵᠤ ᠂ ᠵᠡᠪᠡ ᠵᠠᠩᠵᠤᠨ ᠤ᠋ ᠴᠡᠷᠢᠭ ᠊ᠢ ᠲᠣᠰᠤᠭᠠᠳ ᠤᠯᠠᠮ ᠢ᠋ᠶ᠋ᠠᠷ ᠲᠣᠭᠣᠴᠠᠷ  ᠨᠣᠶᠠᠨ ᠲᠠᠢ ᠨᠡᠶ᠋ᠢᠯᠡᠵᠦ ᠴᠦ᠍  ᠪᠣᠯᠤᠨ᠎ᠠ ᠃  ᠡᠭᠦᠨ ᠊ᠢ ᠭᠡᠵᠦ  ᠨᠠᠳᠠ ᠠ᠋ᠴᠠ ᠥᠭᠡᠷ᠎ᠡ ᠬᠡᠨ ᠴᠦ᠍ ᠵᠠᠬᠢᠷᠬᠤ ᠦᠭᠡᠢ ᠭᠡᠵᠦ  ᠰᠦᠪᠡᠭᠡᠳᠡᠢ ᠨᠢᠭᠤᠷ ᠢ᠋ᠶ᠋ᠠᠨ ᠮᠢᠨᠴᠡᠶ᠋ᠢᠯᠭᠡᠨ ᠬᠠᠬᠢᠷ ᠳᠠᠭᠤ ᠪᠠᠷ  ᠬᠡᠯᠡᠭᠰᠡᠨ ᠢ᠋ᠶ᠋ᠡᠨ ᠄ 
     ᠨᠠᠭᠠᠳᠤᠬᠢ ᠪᠠᠨ ᠵᠠᠨᠴᠢ ! ᠪᠢ ᠨᠠᠷᠠᠨ ᠳ᠋ᠤ᠌ ᠤᠳᠠᠭᠠᠨ ᠰᠠᠭᠤᠬᠤ ᠬᠦᠰᠡᠯ ᠠᠯᠠᠭ᠎ᠠ ᠭᠡᠵᠦ ᠬᠡᠯᠡ ᠪᠡᠨ ᠡᠭᠡᠳᠡᠷᠡᠭᠦᠯᠦᠨ ᠪᠠᠶ᠋ᠢᠵᠤ  ᠲᠤᠰᠢᠶᠠᠯ᠎ᠠ ᠃ ᠱᠠᠮᠲᠠᠭᠠᠢ ᠨᠢᠭᠤᠷ ᠢ᠋ᠶ᠋ᠠᠨ ᠪᠣᠷᠣᠭᠣᠯᠣᠯ᠎ᠡ ᠃ ᠭᠡᠪᠡᠴᠦ ᠴᠢᠬᠢᠨ ᠳ᠋ᠦ᠍ ᠨᠢ ᠲᠠᠰᠢᠭᠤᠷ ᠢᠰᠬᠡᠷᠦᠨ ᠨᠢᠴᠦᠭᠦᠨ ᠪᠡᠶ᠎ᠡ ᠶ᠋ᠢᠨ ᠳᠡᠭᠡᠷ᠎ᠡ ᠪᠠᠭᠤᠬᠤ ᠴᠢᠮᠡᠭᠡ ᠰᠣᠨᠣᠰᠤᠭᠳᠠᠨ᠎ᠠ ᠃ ᠡᠨᠡ ᠪᠦᠬᠦᠨ ᠨᠢᠭᠡ ᠯᠡ ᠰᠢᠳᠤᠷᠭᠤ ᠪᠤᠰᠤ ᠪᠣᠯᠵᠤ ᠂ ᠡᠳᠦᠢ ᠬᠦᠷᠲᠡᠯ᠎ᠡ ᠪᠠᠬᠠᠷᠬᠠᠯ ᠪᠣᠯᠵᠤ ᠶᠠᠪᠤᠭᠰᠠᠨ ᠵᠠᠩᠵᠤᠨ ᠤ᠋ ᠨᠡᠷ᠎ᠡ ᠰᠦᠷ  ᠲᠤᠨᠢ ᠰᠡᠪ ᠰᠠᠭᠤᠯᠭᠠᠬᠤ ᠮᠡᠲᠦ ᠱᠠᠮᠲᠠᠭᠠᠢ ᠳ᠋ᠤ᠌ ᠰᠠᠨᠠᠭᠳᠠᠬᠤ ᠳ᠋ᠤ᠌ ᠬᠥᠮᠥᠰᠬᠡ ᠵᠠᠩᠭᠢᠳᠤᠭᠠᠳ ᠦᠵᠦᠮ ᠦ᠋ᠨ ᠳᠠᠮᠨᠠᠭᠤᠷᠴᠢᠨ ᠊ᠢ ᠶᠡᠬᠡ ᠯᠡ ᠬᠣᠷᠣᠰᠤᠯᠲᠠᠢ ᠰᠢᠷᠳᠡᠵᠦ  ᠪᠠᠶ᠋ᠢᠯ᠎ᠠ  ᠃ ᠲᠡᠷᠡ ᠬᠥᠮᠦᠨ ᠰᠠᠭᠰᠠᠭᠠᠷ ᠪᠤᠭᠤᠷᠤᠯ ᠬᠥᠮᠥᠰᠬᠡ ᠪᠡᠨ ᠪᠠᠷᠤᠭ ᠡᠷᠭᠦᠬᠦ ᠦᠭᠡᠢ ᠮᠥᠷᠲᠡᠭᠡᠨ ᠣᠷᠴᠢᠨ ᠲᠣᠭᠣᠷᠢᠨ ᠊ᠢ ᠬᠢᠨᠠᠭᠤᠷ ᠠᠵᠢᠵᠤ ᠂ ᠬᠡᠨ ᠨᠢᠭᠡ ᠲᠡᠢ ᠬᠠᠷᠠᠴᠠ ᠲᠤᠯᠭᠠᠷᠠᠪᠠᠯ ᠳᠣᠣᠷᠠᠬᠠᠨ ᠢ᠋ᠶ᠋ᠠᠨ ᠨᠢᠭᠤᠭᠳᠠᠰᠬᠢᠨ ᠬᠥᠯ ᠳᠣᠣᠷᠠᠬᠢ ᠪᠠᠷᠤᠭ ᠬᠣᠭᠣᠰᠣᠨ ᠰᠠᠭᠰᠤ ᠪᠠᠨ ᠪᠠᠷᠢᠵᠤ ᠠᠪᠬᠤ  ᠠᠵᠢ ᠃ ᠡᠪᠦᠭᠡᠨ ᠦ᠌ ᠪᠠᠶ᠋ᠢᠲᠠᠯ ᠡᠨᠳᠡ ᠶ᠋ᠢᠨ ᠤᠶ᠋ᠢᠭᠤᠷ ᠬᠢᠭᠡᠳ ᠮᠣᠩᠭᠣᠯ ᠤᠭᠰᠠᠭᠠᠲᠠᠨ ᠤ᠋ ᠯᠠ ᠳᠤᠮᠳᠠ ᠴᠥᠭᠡᠨ ᠦᠭᠡᠢ ᠲᠠᠭᠠᠷᠠᠯᠳᠤᠳᠠᠭ ᠰᠠᠷᠲᠠᠭᠤᠯ ᠬᠢᠪᠴᠠᠭ ᠤ᠋ᠨ ᠬᠣᠯᠢᠮᠠᠭ ᠲᠥᠷᠬᠦ ᠶ᠋ᠢ ᠢᠯᠡᠳᠬᠡᠬᠦ ᠠᠲᠠᠯ᠎ᠠ ᠂ ᠶᠠᠭᠠᠬᠢᠭᠠᠳ ᠴᠤ᠌ ᠶᠤᠮ ᠪᠣᠢ ᠂ ᠥᠲᠡᠯ᠎ᠡ ᠪᠡᠶ᠎ᠡ ᠳ᠋ᠦ᠍ ᠵᠣᠬᠢᠴᠠᠭᠰᠠᠨ ᠦᠭᠡᠢ ᠨᠢᠭᠡ ᠯᠡ ᠭᠠᠵᠢ ᠵᠦᠢᠯ ᠪᠠᠶ᠋ᠢᠬᠤ  ᠰᠢᠭ᠋ ᠱᠠᠮᠲᠠᠭᠠᠢ ᠳ᠋ᠤ᠌ ᠰᠠᠨᠠᠭᠳᠠᠭᠠᠳ ᠪᠠᠶ᠋ᠢᠯ᠎ᠠ ᠃  《 ᠬᠡᠷᠪᠡ ᠪᠢ ᠪᠠᠷᠲᠠᠢ ᠶ᠋ᠢ ᠮᠡᠷᠭᠢᠳ ᠦ᠋ᠨ ᠬᠦᠷᠢᠶ᠎ᠡ ᠤᠷᠤᠭᠤ ᠠᠪᠠᠴᠢᠵᠤ ᠴᠢᠳᠠᠪᠠᠯ ᠡᠨᠡ ᠡᠪᠦᠭᠡᠨ ᠲᠠᠢ ᠯᠠ ᠬᠠᠮᠤᠭ ᠤ᠋ᠨ ᠲᠡᠷᠢᠭᠦᠨ ᠳ᠋ᠦ᠍ ᠨᠢᠭᠤᠷᠠᠯᠳᠠᠬᠤ ᠪᠠᠢᠬ᠎ᠠ ᠳᠠ 》ᠭᠡᠵᠦ ᠪᠣᠳᠣᠭᠰᠠᠨ ᠱᠠᠮᠳᠠᠭᠠᠢ ᠭᠡᠨᠡᠳᠲᠡ ᠲᠡᠭᠦᠨ ᠳ᠋ᠦ᠍ ᠣᠢᠷᠠᠳᠤᠮᠠᠷ ᠰᠠᠨᠠᠭᠳᠠᠪᠠ᠃ ᠭᠡᠪᠡᠴᠦ ᠲᠡᠷᠡ ᠳᠣᠣᠷ᠎ᠠ ᠪᠠᠨ ᠡᠷᠭᠢᠴᠡᠭᠦᠯᠦᠨ ᠪᠣᠳᠣᠵᠤ᠂ ᠡᠢᠮᠦ ᠠᠯᠬᠤᠮ ᠬᠢᠪᠡᠯ ᠡᠷᠭᠢᠭᠡᠳ ᠣᠰᠣᠯ ᠤᠴᠠᠷᠠᠨ᠎ᠠ ᠭᠡᠵᠦ ᠣᠢᠯᠠᠭᠠᠯ᠎ᠠ᠃ ᠬᠡᠷᠪᠡ ᠡᠨᠡ ᠬᠥᠮᠦᠨ ᠦᠨᠡᠬᠡᠷ ᠬᠣᠲᠣ᠂ ᠴᠢᠯᠠᠭᠤᠨ ᠨᠠᠷ ᠤ᠋ᠨ ᠲᠤᠷᠰᠢᠭ᠋ᠤᠯ ᠮᠥᠨ ᠪᠣᠯ ᠲᠡᠭᠦᠨ ᠳ᠋ᠦ᠍ ᠲᠤᠰᠠᠯᠠᠬᠤ ᠨᠢ ᠯᠠᠪ᠃ ᠬᠠᠷᠢᠨ ᠲᠤᠷᠰᠢᠭ᠋ᠤᠯ ᠢ᠋ᠶ᠋ᠠᠨ ᠡᠢᠮᠦ ᠠᠮᠠᠷᠬᠠᠨ ᠢᠯᠡᠴᠢᠯᠡᠭᠳᠡᠭᠰᠡᠨ ᠢ᠋ ᠦᠵᠡᠭᠡᠳ ᠲᠣᠭᠲᠠᠭ᠎ᠠ ᠪᠡᠬᠢ ᠶ᠋ᠢᠨ ᠬᠥᠪᠡᠭᠦᠳ ᠤᠯᠠᠮ ᠴᠤ᠌ ᠰᠡᠵᠢᠭᠯᠡᠬᠦ ᠨᠢ ᠭᠠᠷᠴᠠᠭ᠎ᠠ ᠦᠭᠡᠢ ᠪᠢᠯᠡ᠃ ᠱᠠᠮᠳᠠᠭᠠᠢ ᠡᠪᠦᠭᠡᠨ ᠢ᠋ ᠡᠰᠡ ᠲᠣᠭᠣᠭᠰᠠᠨ ᠴᠢᠷᠠᠢ ᠭᠠᠷᠭᠠᠯ᠎ᠠ᠃ ᠡᠨᠡ ᠦᠶ᠎ᠡ ᠪᠡᠷ ᠰᠦᠪᠡᠭᠡᠳᠡᠢ ᠪᠠᠭᠠᠲᠤᠷ ᠴᠢᠰᠤᠲᠤ ᠦᠵᠡᠭᠳᠡᠯ ᠢ᠋ᠶ᠋ᠡᠨ ᠥᠨᠳᠥᠷᠯᠡᠵᠦ᠂ ᠨᠣᠶᠠᠳ ᠲᠤ᠌ ᠲᠠᠷᠠᠬᠤ ᠶ᠋ᠢ ᠲᠤᠰᠢᠶᠠᠭᠠᠳ ᠥᠪᠡᠷ ᠢ᠋ᠶ᠋ᠡᠨ ᠬᠡᠯᠡᠮᠦᠷᠴᠢ ᠪᠡᠨ ᠳᠠᠭᠠᠭᠤᠯᠤᠨ ᠦᠯᠦ ᠮᠡᠳᠡᠭ ᠲᠤᠢᠪᠠᠰᠬᠢᠨ ᠠᠯᠬᠤᠭᠰᠠᠭᠠᠷ ᠦᠷᠭᠦᠭᠡᠨ ᠳ᠋ᠡᠭᠡᠨ ᠣᠷᠣᠵᠤ ᠶᠠᠪᠤᠴᠢᠬᠠᠪᠠ᠃ ᠲᠡᠭᠦᠨ ᠲᠡᠢ ᠵᠡᠷᠭᠡ ᠰᠢᠬᠠᠮ ᠠᠷᠠᠯᠵᠢᠶᠠᠴᠢ ᠡᠪᠦᠭᠡᠨ ᠰᠠᠭᠰᠤ ᠪᠠᠨ ᠳᠠᠮᠨᠠᠭᠠᠳ ᠵᠡᠷᠭᠡᠴᠡᠨ ᠠᠯᠬᠤᠬᠤ ᠳ᠋ᠠᠭᠠᠨ ᠱᠠᠮᠳᠠᠭᠠᠢ ᠲᠠᠢ ᠲᠤᠩ ᠣᠢᠷᠠᠬᠠᠨ ᠵᠥᠷᠢᠪᠡ᠃ ᠴᠢᠩᠭᠢᠬᠦ ᠳ᠋ᠡᠭᠡᠨ ᠰᠠᠨᠠᠮᠰᠠᠷ ᠦᠭᠡᠢ ᠬᠠᠷᠠᠴᠠ ᠲᠤᠯᠭᠠᠷᠠᠵᠤ ᠱᠠᠮᠳᠠᠭᠠᠢ ᠰᠠᠶᠢ ᠯᠠ ᠥᠪᠡᠷ ᠲᠡᠭᠡᠨ ᠭᠠᠵᠢ ᠰᠠᠨᠠᠭᠳᠠᠭᠰᠠᠨ ᠵᠦᠢᠯ ᠦ᠋ᠨ ᠤᠴᠢᠷ ᠢ᠋ ᠣᠯᠪᠠ᠃ ᠡᠪᠦᠭᠡᠨ ᠦ᠌ ᠪᠤᠭᠤᠷᠤᠯ ᠬᠥᠮᠦᠰᠬᠡᠨ ᠳᠣᠣᠷᠠᠬᠢ ᠨᠢᠳᠦ ᠡᠵᠡᠲᠡᠢ ᠬᠤᠷᠴᠠ ᠴᠣᠯᠭᠢᠭᠤᠨ ᠳᠦᠷᠡᠯᠵᠡᠨ᠎ᠡ᠃《 ᠠᠷᠪᠠᠨ ᠨᠠᠢ᠍ᠮᠠᠲᠤ ᠰᠢᠭ᠋ ᠡᠪᠦᠭᠡᠨ 》ᠭᠡᠵᠦ ᠲᠤᠭᠴᠢ ᠡᠷ᠎ᠡ ᠪᠣᠳᠣᠵᠤ ᠠᠮᠵᠢᠵᠠᠢ᠃ ᠱᠠᠮᠳᠠᠭᠠᠢ ᠨᠢᠭᠡ ᠬᠡᠰᠢᠭᠲᠡᠨ ᠦ᠌ ᠬᠠᠮᠲᠤ ᠴᠢᠰᠤᠨ ᠳ᠋ᠤ᠌ ᠬᠤᠳᠬᠤᠯᠳᠤᠭᠰᠠᠨ ᠡᠵᠡᠨ ᠢ᠋ᠶ᠋ᠡᠨ ᠳᠠᠮᠵᠢᠯᠠᠭᠰᠠᠭᠠᠷ ᠠᠰᠠᠷ ᠲᠤ᠌ ᠠᠪᠴᠢᠷᠠᠯ᠎ᠠ᠃ ᠪᠠᠷᠳᠠᠢ ᠰᠡᠴᠡᠨ ᠰᠢᠲᠦ ᠪᠡᠨ ᠲᠠᠰᠤ ᠵᠠᠭᠤᠨ ᠡᠰᠡ ᠶᠣᠢᠯᠠᠪᠠᠴᠤ ᠡᠨᠡ ᠵᠠᠭᠤᠷ᠎ᠠ ᠡᠷᠬᠡ ᠦᠭᠡᠢ ᠤᠬᠠᠭᠠᠨ ᠨᠢ ᠪᠠᠯᠠᠷᠳᠠᠵᠤ ᠪᠠᠢᠭ᠎ᠠ ᠪᠣᠯᠤᠯᠲᠠᠢ᠃ ᠴᠠᠢ ᠤᠤᠭᠤᠯᠭᠠᠭᠰᠠᠨ ᠤ᠋ ᠳᠠᠷᠠᠭ᠎ᠠ ᠱᠠᠮᠳᠠᠭᠠᠢ ᠪᠣᠭᠴᠣ ᠪᠠᠨ ᠠᠭᠤᠳᠠᠯᠤᠨ ᠲᠠᠯᠬᠠᠨ ᠡᠮ ᠢ᠋ᠶ᠋ᠡᠨ ᠭᠠᠷᠭᠠᠭᠠᠳ ᠨᠢᠷᠤᠭᠤᠨ ᠳ᠋ᠤ᠌ ᠲᠦᠷᠬᠢᠶ᠎ᠡ ᠭᠡᠲᠡᠯ᠎ᠡ ᠪᠠᠷᠳᠠᠢ ᠢᠨᠴᠠᠭᠯᠠᠨ ᠥᠨᠳᠡᠢᠬᠦ ᠮᠥᠷᠲᠡᠭᠡᠨ ᠭᠠᠷ ᠤᠷᠤᠭᠤ ᠨᠢ ᠴᠣᠬᠢᠵᠤ ᠡᠮ ᠢ᠋ ᠨᠢ ᠭᠠᠵᠠᠷ ᠢ᠋ᠶ᠋ᠠᠷ ᠨᠢᠭᠡ ᠰᠠᠴᠤᠵᠤ ᠣᠷᠬᠢᠯ᠎ᠠ᠃ ᠱᠠᠮᠳᠠᠭᠠᠢ ᠭᠠᠢᠬᠠᠨ ᠡᠵᠡᠨ ᠢ᠋ᠶ᠋ᠡᠨ ᠲᠦᠰᠢᠵᠦ ᠠᠪᠬᠤ ᠳ᠋ᠤ᠌ ᠴᠠᠭᠠᠳᠤᠬᠢ ᠨᠢ ᠡᠪᠡᠳᠴᠢᠨ ᠢ᠋ᠶ᠋ᠡᠨ ᠲᠡᠰᠪᠦᠷᠢᠯᠡᠨ ᠢᠷᠪᠠᠢᠭᠰᠠᠨ ᠢ᠋ᠶ᠋ᠠᠨ᠄ 
    ᠪᠦᠷᠦᠩᠬᠦᠢ ᠪᠣᠯᠭᠠᠭᠠᠳ᠁ ᠮᠣᠷᠢᠳ ᠢ᠋ᠶ᠋ᠠᠨ ᠪᠡᠯᠡᠳ᠁ ᠪᠣᠯᠭᠣᠮᠵᠢᠯᠠ᠁ ᠥᠨᠥ ᠰᠥᠨᠢ ᠶᠠᠪᠤᠨ᠎ᠠ ᠭᠡᠵᠦ ᠬᠦᠴᠦᠯᠡᠨ ᠰᠢᠪᠡᠨᠡᠭᠡᠳ ᠳᠠᠬᠢᠨ ᠣᠢᠴᠢᠪᠠ᠃ ᠴᠣᠬᠣᠮ ᠬᠠᠮᠢᠭᠠᠰᠢ ᠪᠠᠨ ᠶᠠᠪᠤᠬᠤ ᠭᠡᠵᠦ ᠪᠠᠢᠭ᠎ᠠ ᠶ᠋ᠢ ᠨᠢ ᠮᠡᠳᠡᠭᠰᠡᠨ ᠦᠭᠡᠢ ᠪᠣᠯᠪᠠᠴᠤ ᠱᠠᠮᠳᠠᠭᠠᠢ ᠳ᠋ᠤ᠌ ᠡᠨᠡ ᠦᠭᠡ ᠲᠡᠭᠷᠢ ᠶ᠋ᠢᠨ ᠲᠠᠭᠠᠯᠠᠯ ᠰᠢᠭ᠋ ᠠᠶᠠᠲᠠᠢᠬᠠᠨ ᠰᠣᠨᠣᠰᠤᠭᠳᠠᠪᠠ᠃ ᠲᠤᠭᠴᠢ ᠠᠭᠰᠠᠨ ᠡᠷ᠎ᠡ ᠡᠵᠡᠨ ᠦ᠌ ᠪᠡᠨ ᠳᠡᠷ᠎ᠡ ᠶ᠋ᠢ ᠵᠠᠰᠠᠵᠤ ᠠᠶᠠᠲᠠᠢᠬᠠᠨ ᠬᠡᠪᠲᠡᠭᠦᠯᠦᠭᠡᠳ ᠶᠠᠭᠠᠷᠠᠨ ᠭᠠᠷᠤᠯ᠎ᠠ᠃ 
      ᠨᠠᠷᠠ ᠰᠢᠩᠭᠡᠭᠡᠳ ᠰᠡᠭᠦᠯᠴᠢ ᠶ᠋ᠢᠨ ᠰᠠᠴᠤᠷᠠᠭ ᠨᠢ  ᠢᠯ  ᠦ᠋ᠨ ᠠᠯᠲᠠᠢ ᠶ᠋ᠢᠨ ᠱᠣᠪᠬᠣ ᠣᠷᠭᠢᠯ ᠦ᠋ᠳ ᠊ᠢ ᠭᠢᠢᠢᠭᠦᠯᠵᠦ ᠂ ᠠᠭᠤᠳᠠᠮ ᠬᠥᠨᠳᠡᠢ ᠬᠥᠬᠡᠮᠳᠦᠭ ᠰᠡᠭᠦᠳᠡᠷ ᠲᠦ᠍ ᠤᠮᠪᠠᠭᠰᠠᠨ ᠨᠢ  ᠡᠭᠡᠯ ᠦᠭᠡᠢ ᠦᠵᠡᠮᠵᠢᠲᠡᠢ ᠬᠠᠷᠠᠭᠳᠠᠨ᠎ᠠ ᠃ ᠦᠷᠡᠵᠢᠯ ᠰᠢᠮᠡᠲᠦ ᠡᠯ᠎ᠡ ᠬᠥᠨᠳᠡᠢ ᠶ᠋ᠢ ᠬᠦᠨᠵᠡᠬᠢᠢ ᠵᠦᠰᠦᠨ ᠤᠷᠤᠰᠠᠬᠤ ᠬᠥᠪᠦᠭᠡ ᠭᠣᠣᠯ ᠨᠢᠭᠡᠨ ᠵᠤᠷᠪᠤᠰ ᠴᠠᠭᠠᠨ  ᠭᠬᠢᠪ ᠮᠡᠲᠦ ᠵᠤᠷᠠᠶ᠋ᠢᠭᠠᠳ ᠲᠡᠭᠦᠨ ᠊ᠢ ᠲᠠᠩᠨᠠᠨ ᠪᠠᠭᠤᠭᠰᠠᠨ ᠶᠡᠬᠡ ᠴᠡᠷᠢᠭ ᠦ᠋ᠨ ᠬᠦᠷᠢᠶᠡᠨ᠎ᠡ ᠣᠷᠣᠢ ᠶ᠋ᠢᠨ ᠲᠦᠳᠡᠭ ᠭᠠᠯ ᠤ᠋ᠨ ᠲᠦᠷᠦᠭᠦᠴᠢ ᠬᠡᠲᠦᠶ᠋ᠢᠨ᠎ᠡ ᠪᠠᠳᠠᠷᠠᠴᠤᠬᠤᠢ ᠃ ᠡᠨᠡ ᠬᠢᠷᠢ ᠵᠠᠩᠵᠤᠨ ᠤ᠋ ᠥᠷᠭᠥᠭᠡ ᠪᠠᠶ᠋ᠢᠷᠢᠯᠠᠭᠰᠠᠨ ᠳᠡᠪᠰᠡᠭ ᠥᠭᠡᠳᠡ ᠥᠭᠰᠥᠵᠦ ᠶᠠᠪᠤᠭᠰᠠᠨ ᠲᠤᠯᠠ ᠬᠣᠯᠠ ᠪᠠᠷᠠᠭ᠎ᠠ ᠤᠯᠠᠮ ᠤᠯᠠᠮ ᠲᠣᠳᠣᠷᠠᠵᠤ ᠂ ᠰᠡᠭᠦᠳᠡᠷ ᠬᠦᠣᠰᠢᠯᠡᠬᠦ ᠤᠷᠲᠤ ᠤᠷᠲᠤ ᠨᠢᠷᠤᠭᠤ ᠨᠤᠭᠤᠳ ᠤ᠋ᠨ ᠪᠠᠯ ᠢ᠋ᠶ᠋ᠠᠷ ᠴᠡᠷᠢᠭ ᠦ᠋ᠨ ᠭᠠᠯ ᠳᠠᠷᠠᠭ᠎ᠠ ᠳᠠᠷᠠᠭ᠎ᠠ ᠪᠠᠷ ᠠᠰᠠᠬᠤ ᠨᠢ ᠱᠠᠮᠲᠠᠭᠠᠢ ᠳ᠋ᠤ᠌ ᠲᠣᠳᠣᠷᠬᠠᠢ ᠬᠠᠷᠠᠭᠳᠠᠭᠠᠳ ᠰᠡᠳᠬᠢᠯ ᠳ᠋ᠦ᠍ᠨᠢ ᠰᠦᠷᠡᠬᠡᠢ ᠤᠷᠮ᠎ᠠ ᠪᠠᠬᠠᠷᠬᠠᠯ ᠲᠥᠷᠥᠵᠦ ᠪᠠᠶ᠋ᠢᠬᠤ ᠶ᠋ᠢ ᠮᠡᠳᠡᠷᠡᠵᠦ ᠪᠠᠶ᠋ᠢᠯ᠎ᠠ ᠃ ᠡᠨᠡ ᠡᠳᠦᠷ ᠦ᠋ᠨ ᠪᠬᠠᠨ ᠵᠠᠮᠪᠠᠷᠠᠭ᠎ᠠ ᠦᠭᠡᠢ ᠶᠠᠪᠤᠳᠠᠯ ᠤ᠋ᠨ ᠳᠠᠷᠠᠭ᠎ᠠ ᠡᠶ᠋ᠢᠮᠦ ᠰᠡᠳᠬᠢᠯ ᠥᠷᠨᠢᠬᠦ ᠨᠢ ᠲᠡᠭᠦᠨ ᠦ᠌ ᠬᠤᠪᠢ ᠳ᠋ᠤ᠌ ᠠᠯᠵᠢᠶᠠᠯ  ᠴᠢᠯᠡᠭᠡ ᠪᠡᠨ ᠳᠠᠶ᠋ᠢᠯᠠᠬᠤ ᠳ᠋ᠤ᠌ ᠥᠭᠡᠷ᠎ᠡ ᠶᠠᠭᠤᠲᠠᠢ ᠴᠤ᠌ ᠵᠦᠢᠷᠯᠡᠮ᠎ᠡ ᠦᠭᠡᠢ ᠶᠡᠬᠡ ᠲᠤᠰᠠᠲᠢ ᠪᠠᠶ᠋ᠢᠵᠢ ᠃ ᠴᠡᠷᠢᠭ ᠦ᠋ᠳ ᠦ᠋ᠨ ᠴᠢᠩᠭ᠎ᠠ ᠴᠢᠩᠭ᠎ᠠ ᠬᠦᠦᠷᠨᠢᠯᠳᠦᠨ ᠂ ᠢᠨᠢᠶᠡᠵᠦ ᠬᠥᠭᠡᠷᠬᠦ ᠴᠢᠮᠡᠭᠡ ᠰᠣᠨᠣᠰᠬᠤ ᠳ᠋ᠠᠭᠠᠨ ᠬᠠᠷᠢᠨ ᠰᠡᠳᠬᠢᠯ ᠨᠢ ᠵᠢᠭᠠᠬᠠᠨ ᠡᠮᠵᠡᠭᠯᠡᠵᠦ ᠂ ᠨᠢᠭᠤᠴᠠ ᠳᠠᠯᠳᠠ ᠶ᠋ᠢ ᠪᠣᠳᠣᠬᠤ ᠦᠭᠡᠢ ᠲᠡᠶ᠋ᠢᠮᠦ ᠯᠡ ᠲᠡᠨᠢᠭᠦᠨ ᠴᠠᠶ᠋ᠢᠯᠭᠠᠨ ᠲᠤᠭᠴᠢ ᠬᠡᠪ ᠢ᠋ᠶ᠋ᠡᠷ ᠢ᠋ᠶ᠋ᠡᠨ ᠪᠠᠶ᠋ᠢᠬ᠋᠎ᠠ  ᠰᠠᠨ ᠪᠣᠯ ᠭᠡᠬᠦ ᠶᠠᠯᠢ ᠦᠭᠡᠢ  ᠬᠠᠷᠠᠭᠤᠰᠤᠯ ᠲᠥᠷᠥᠬᠦ ᠠᠵᠤᠭᠤ ᠃ ᠢᠩᠭᠢᠵᠦ ᠪᠣᠳᠣᠭᠰᠠᠨ ᠢ᠋ᠶ᠋ᠠᠨ ᠲᠡᠷᠡ ᠵᠣᠭ ᠲᠣᠰᠣᠨ ᠵᠣᠭᠰᠣᠪᠠ ᠃ ᠦᠨᠡᠬᠡᠷ ᠪᠣᠳᠣᠯᠭ᠎ᠠ ᠦᠭᠡᠢ ᠂  ᠰᠢᠨ᠎ᠡ ᠳᠠᠶ᠋ᠢᠴᠢᠯᠠᠭᠳᠠᠭᠰᠠᠨ ᠴᠡᠷᠢᠭ ᠮᠡᠲᠦ ᠠᠭᠠᠰᠢᠯᠨᠡᠮ ᠪᠤᠰᠤ ‍ᠤᠤ ᠪᠢ ᠂ ᠱᠠᠮᠲᠠᠭᠠᠢ ᠡᠩ ᠦ᠋ᠨ ᠶᠠᠪᠤᠵᠤ ᠪᠠᠶ᠋ᠢᠭᠠᠳ ᠠᠮᠠᠰᠭᠢᠵᠤ ᠪᠠᠶ᠋ᠢᠬ᠋᠎ᠠ ᠮᠡᠲᠦ  ᠲᠠᠭᠠᠲᠠᠶ᠋ᠢᠬᠠᠨ ᠰᠤᠨᠢᠶᠠᠭᠰᠠᠨ ᠢ᠋ᠶ᠋ᠠᠨ ᠪᠣᠷᠣᠭ ᠡᠪᠡᠰᠦᠨ ᠳᠡᠭᠡᠷ᠎ᠡ ᠬᠥᠯ ᠢ᠋ᠶ᠋ᠡᠨ ᠵᠢᠭᠢᠨ ᠰᠠᠭᠤᠭᠠᠳ  ᠥᠭᠭᠦᠯ᠎ᠡ᠃ ᠲᠡᠭᠡᠭᠰᠡᠨ ᠢ᠋ᠶ᠋ᠡᠨ ᠭᠠᠷ ᠢ᠋ᠶ᠋ᠠᠨ ᠠᠯᠳᠠᠯᠠᠨ ᠭᠡᠳᠡᠷᠬᠦ ᠬᠡᠪᠲᠡᠪᠡ ᠃ ᠪᠠᠷᠤᠭ ᠤ᠋ᠨ ᠰᠣᠨᠢᠭᠤᠴᠢ ᠬᠥᠮᠦᠨ ᠲᠡᠭᠦᠨ ᠦ᠌ ᠡᠨᠡ ᠦᠶ᠎ᠡ ᠪᠡᠷ ᠱᠠᠮᠲᠠᠭᠠᠢ ᠳᠤᠬᠤ ᠤᠷᠤᠭᠤ ᠪᠠᠨ ᠳᠠᠷᠤᠭᠰᠠᠨ ᠲᠣᠪᠢ ᠮᠠᠯᠠᠭᠠᠢ ᠶ᠋ᠢᠨ ᠢ᠋ᠶ᠋ᠡᠨ ᠳᠣᠣᠭᠤᠷ ᠡᠷᠭᠢᠨ ᠲᠣᠭᠣᠷᠢᠨ ᠢ᠋ᠶ᠋ᠠᠨ ᠮᠠᠰᠢ ᠬᠤᠷᠳᠤᠨ ᠨᠡᠩᠵᠢᠨ ᠬᠠᠷᠠᠵᠤ ᠠᠮᠵᠢᠵᠠᠢ ᠃ ᠬᠡᠲᠦᠶ᠋ᠢᠪᠡᠷ ᠰᠡᠵᠢᠭᠯᠡᠮᠡᠷ ᠭᠠᠳᠠᠨ᠎ᠠ ᠶ᠋ᠢᠨ ᠬᠥᠮᠦᠨ ᠂ ᠲᠡᠷᠡ ᠲᠣᠰᠤᠮ ᠢ᠋ᠶ᠋ᠠᠨ ᠨᠥᠬᠥᠭᠡ ᠦᠵᠦᠮ ᠦ᠋ᠨ ᠠᠷᠠᠯᠵᠢᠶᠠᠴᠢ ᠣᠶ᠋ᠢᠷ᠎ᠠ ᠬᠠᠪᠢ ᠳ᠋ᠤ᠌ ᠦᠭᠡᠢ ᠮᠡᠲᠦ ᠰᠠᠨᠠᠭᠳᠠᠭᠰᠠᠨ ᠪᠣᠯᠪᠠᠴᠤ ᠰᠢᠭᠤᠳ  ᠰᠦᠪᠡᠭᠡᠲᠠᠢ ᠪᠠᠭᠠᠲᠤᠷ ᠤ᠋ᠨ ᠭᠡᠷ ᠲᠦ᠍ ᠣᠷᠣᠭᠠᠳ ᠶᠠᠪᠤᠴᠢᠬᠠᠵᠤ ᠬᠡᠷᠬᠢᠪᠡᠴᠦ ᠪᠣᠯᠬᠤ ᠦᠭᠡᠢ ᠭᠡᠵᠦ ᠪᠣᠳᠣᠭᠳᠠᠨ᠎ᠠ ᠃ ᠪᠠᠷᠲᠠᠢ ᠰᠡᠴᠡᠨ ᠦ᠌  ᠪᠡᠶ᠎ᠡ ᠲᠠᠭᠠᠷᠠᠤ ᠪᠠᠶ᠋ᠢᠲᠠᠭ ᠂ ᠲᠡᠭᠦᠨ ᠦ᠌ ᠵᠠᠬᠢᠭᠰᠠᠨ ᠢ᠋ᠶ᠋ᠠᠷ ᠤᠷᠭᠤᠨ ᠵᠠᠶ᠋ᠢᠯᠠᠬᠤ ᠬᠡᠷᠡᠭ ᠭᠠᠷᠤᠯ᠎ᠠ ᠃ ᠭᠡᠲᠡᠯ᠎ᠡ ᠰᠦᠪᠡᠭᠡᠲᠠᠢ ᠪᠠᠭᠠᠲᠤᠷ ᠠ᠋ᠴᠠ ᠴᠢᠨᠠᠭᠰᠢᠳᠠ ᠬᠡᠷᠬᠢᠬᠦ ᠲᠤᠬᠠᠢ ᠵᠠᠪᠠᠯ ᠦᠭᠡ ᠵᠠᠬᠢᠶᠠᠰᠤ  ᠰᠣᠨᠣᠰᠬᠤ ᠬᠡᠷᠡᠭᠲᠡᠢ᠃ ᠬᠡᠪᠲᠡᠭᠦᠯ᠎ ᠦᠨ ᠵᠠᠬᠢᠷᠤᠭ᠍ᠴᠢ ᠠᠶᠠᠲᠠᠢ ᠢᠩᠬᠢᠵᠦ ᠭᠦᠶᠦᠭᠡᠳ ᠪᠠᠢᠪᠠᠯ ᠮᠡᠷᠭᠢᠳ᠎ ᠤᠨ ᠵᠠᠩᠰᠢᠯᠭᠠᠴᠢ᠎ ᠶ᠋ᠢᠨ ᠤᠳᠤᠭᠰᠠᠨ  ᠬᠠᠷᠠᠴᠠᠨ  ᠳ᠋ᠤ᠌ ᠥᠷᠲᠥᠵᠦ ᠴᠠᠭᠠᠰᠢᠳᠠ᠎ ᠶ᠋ᠢᠨ  ᠶᠡᠬᠡ  ᠦᠢᠯᠡ ᠵᠠᠳᠠᠷᠠᠬᠤ ᠴᠤ᠌  ᠡᠨᠡᠦᠬᠡᠨ ᠎ ᠳ᠋ᠤ᠌ ᠪᠣᠯᠤᠨ᠎ᠠ ᠳᠠ ᠃  ᠡᠭᠦᠨ ᠎ ᠡᠴᠡ ᠣᠷᠣᠢᠲᠠᠪᠠᠯ ᠬᠡᠪᠲᠡᠭᠦᠯ᠎ ᠤᠳ ᠬᠥᠯ  ᠬᠢᠩᠭᠠᠷᠳᠠᠴᠢᠬᠠᠬᠤ ᠭᠡᠳ ᠭᠤᠷᠪᠠ ᠴᠤ᠌ ᠠᠯᠬᠤᠭᠤᠯᠬᠤ  ᠦᠭᠡᠢ᠃  ᠲᠡᠭᠡᠬᠦ᠎ ᠪᠠᠷ ᠨᠠᠳᠠ ᠲᠠᠢ ᠶᠠᠭᠠᠬᠢᠵᠤ ᠬᠡᠯᠡ ᠪᠠᠷᠢᠬᠤ᠎ ᠶ᠋ᠢ ᠪᠠᠭᠠᠲᠤᠷ ᠥᠪᠡᠷ᠎ ᠢᠶᠠᠨ ᠮᠡᠳᠡᠲᠦᠭᠡᠢ᠃  ᠪᠢ ᠠᠶᠠᠨ ᠵᠠᠮ ᠳ᠋ᠠᠭᠠᠨ  ᠵᠡᠭᠡᠬᠦ ᠨᠢ ᠢᠯᠡᠭᠦᠦ ᠳᠡᠭᠡᠷ᠎ᠡ᠃ ᠱᠠᠮᠲᠠᠭᠠᠢ  ᠢᠩᠬᠢᠵᠦ ᠰᠢᠢᠳᠦᠭᠡᠳ  ᠠᠭᠠᠵᠢᠭᠤᠬᠠᠨ ᠪᠣᠰᠴᠤ ᠠᠭᠲᠠ ᠤᠷᠤᠭᠤ ᠠᠯᠬᠤᠯ᠎ᠠ᠃ ᠶᠠᠪᠤᠬᠤ ᠴᠡᠷᠢᠭ᠎ ᠤᠨ ᠬᠦᠷᠢᠶ᠎ᠡ ᠪᠠᠭᠤᠳᠠᠯ᠎ ᠢ  ᠭᠠᠳᠠᠨ᠎ᠠ᠎ ᠡᠴᠡ ᠨᠢ ᠠᠵᠢᠭ᠍ᠯᠠᠬᠤ ᠎ ᠳ᠋ᠤ᠌  ᠨᠢᠭᠡ ᠪᠥᠭᠡᠮ ᠶᠠᠭᠤᠮ᠎ᠠ᠂ ᠲᠤᠭ ᠬᠢᠬᠢᠷᠢ᠂ ᠲᠡᠷᠭᠡ ᠭᠦᠰᠭᠡ ᠨᠢ ᠪᠠᠭᠰᠢᠷᠠᠭᠰᠠᠨ ᠮᠡᠲᠦ  ᠬᠠᠷᠠᠭᠳᠠᠬᠤ ᠠᠪᠠᠴᠤ᠂ ᠲᠣᠲᠣᠷ᠎ᠠ᠎ ᠪᠡᠨ ᠪᠣᠯ ᠨᠠᠷᠢᠨ ᠲᠢᠭ᠌ ᠲᠠᠢ ᠪᠦᠯᠦᠭᠡ᠃  ᠰᠦᠨᠢ᠎  ᠳ᠋ᠡᠭᠡᠨ  ᠠᠭᠲᠠ᠎ ᠶ᠋ᠢ ᠤᠯᠠᠮ  ᠲᠣᠲᠣᠭᠰᠢᠯᠠᠭᠤᠯᠵᠤ ᠂ ᠮᠢᠩᠭᠠᠲᠤ ᠮᠢᠩᠭᠠᠲᠤ᠎ ᠶ᠋ᠢᠨ ᠲᠣᠭᠣᠷᠢᠭ᠋᠎ ᠲᠤ  ᠲᠡᠳᠡᠭᠡᠷ᠎ ᠤᠨ ᠬᠤᠪᠢ᠎ ᠶ᠋ᠢᠨ ᠠᠴᠢᠶ᠎ᠠ ᠭᠦᠰᠭᠡ᠎ ᠶ᠋ᠢᠨ  ᠬᠦᠷᠢᠶᠡᠨ  ᠳ᠋ᠤ᠌ ᠬᠤᠮᠢᠵᠤ ᠬᠣᠨᠣᠭᠤᠯᠳᠠᠭ ᠪᠠᠢᠵᠠᠢ᠃
      
     ᠲᠤᠭ ᠤ᠋ᠨ  ᠵᠠᠭᠤᠲᠤ ᠶ᠋ᠢᠨ ᠴᠡᠷᠢᠭ ᠠᠭᠳᠠᠴᠢ  ᠴᠡᠷᠢᠭ ᠱᠠᠮᠳᠠᠭᠠᠢ ᠶ᠋ᠢ ᠦᠵᠡᠭᠡᠳ ᠶᠡᠬᠡᠳᠡ  ᠭᠠᠢᠬᠠᠵᠤ᠂ 
   — ᠬᠥᠶᠢ᠂ ᠳᠥᠷᠪᠡᠳ! ᠴᠢ  ᠡᠳᠦᠷᠵᠢᠨ ᠬᠠᠮᠢᠭᠠᠰᠢ ᠪᠠᠨ ᠠᠯᠠᠭ᠎ᠠ ᠪᠣᠯᠪᠠ? ᠠᠷᠠᠢ ᠬᠡᠰᠢᠭᠲᠡᠨ ᠦ᠌ ᠠᠬᠠᠯᠠᠭᠴᠢ ᠪᠣᠯᠵᠤ ᠲᠠᠪᠰᠢᠵᠤ ᠣᠳᠤᠭᠰᠠᠨ ᠶᠤᠮ ᠪᠢᠰᠢ  ᠪᠢᠵᠡ? ᠭᠡᠵᠦ ᠲᠣᠭᠯᠠᠬᠤ ᠱᠣᠭᠯᠠᠬᠤ ᠶ᠋ᠢᠨ ᠵᠠᠪᠰᠠᠷ ᠠᠰᠠᠭᠤᠯ᠎ᠠ᠃ 
   — ᠳᠠᠭᠤ ᠪᠠᠨ ᠠᠶᠠᠳᠠ᠃ ᠨᠠᠳᠠ ᠳ᠋ᠤ᠌  ᠪᠠᠷᠠᠭᠠᠨ ᠵᠢᠰᠦᠮ ᠦ᠋ᠨ ᠬᠣᠶᠠᠷ ᠮᠣᠷᠢ ᠬᠡᠷᠡᠭᠲᠡᠢ᠃ ᠡᠨᠡ ᠰᠥᠨᠢ᠂ ᠭᠠᠳᠠᠭᠠᠳᠤ ᠬᠠᠷᠠᠭᠤᠯ ᠢ᠋ ᠡᠷᠭᠢᠬᠦ ᠠᠯᠪᠠᠨ ᠳ᠋ᠤ᠌ ᠣᠨᠣᠭᠳᠠᠭᠠᠳ ᠪᠠᠢᠨ᠎ᠠ ᠭᠡᠵᠦ ᠱᠠᠮᠳᠠᠭᠠᠢ ᠠᠯᠪᠠᠷᠬᠠᠭᠤ ᠳᠤᠤᠭᠠᠷᠤᠭᠠᠳ ᠡᠢᠮᠦ ᠰᠠᠨᠠᠭ᠎ᠠ ᠶ᠋ᠢ ᠭᠡᠨᠡᠳᠲᠡ  ᠴᠡᠭᠡᠵᠢᠨ ᠳ᠋ᠦ᠍ᠨᠢ  ᠣᠷᠣᠭᠤᠯᠵᠤ  ᠥᠭᠭᠦᠭᠰᠡᠨ ᠰᠠᠬᠢᠭᠤᠯᠤᠭᠰᠠᠨ ᠳ᠋ᠠᠭᠠᠨ ᠲᠠᠯᠠᠷᠬᠠᠪᠠ᠃ 
   — ᠵᠠ᠂ ᠵᠠ᠃ ᠠᠯᠪᠠ ᠪᠣᠯ ᠠᠯᠪᠠ ᠭᠡᠵᠦ ᠠᠭᠳᠠᠴᠢ ᠵᠢᠭᠠᠬᠠᠨ ᠭᠣᠮᠣᠳᠠᠩᠭᠤᠢ ᠬᠠᠷᠢᠭᠤᠯᠤᠭᠠᠳ ᠴᠡᠭᠡᠵᠢᠨ ᠳ᠋ᠡᠭᠡᠨ ᠤᠭᠯᠠᠭᠰᠠᠨ ᠪᠤᠭᠤᠢᠯᠢ ᠪᠠᠨ ᠠᠪᠴᠤ᠂  ᠠᠭᠲᠠ ᠥᠭᠡᠳᠡ ᠪᠡᠨ ᠠᠯᠬᠤᠪᠠ᠃ 
   — ᠬᠥᠶᠢ᠂ ᠪᠠᠰᠤᠳ ᠤ᠋ᠨ  ᠤᠷᠠᠨ  ᠬᠡᠯᠡᠳᠤ ᠴᠢ᠂ ᠬᠥᠯ ᠬᠥᠩᠭᠡᠨ ᠲᠡᠢ᠂ ᠠᠭᠠᠰᠢ ᠪᠠᠭᠠᠲᠠᠢ ᠶᠠᠭᠤᠮ᠎ᠠ  ᠣᠯᠵᠤ  ᠥᠭᠭᠦᠭᠡᠷᠡᠢ᠃ ᠡᠨᠳᠡᠬᠢ ᠶ᠋ᠢᠨ ᠰᠢᠪᠠᠷ ᠬᠥᠷᠥᠰᠥᠨ ᠳ᠋ᠦ᠍ ᠳᠣᠣᠷ᠎ᠠ ᠪᠠᠨ ᠡᠴᠡᠴᠢᠬᠡᠬᠦ ᠪᠣᠢ ᠭᠡᠵᠦ ᠱᠠᠮᠳᠠᠭᠠᠢ ᠠᠷᠤ ᠠ᠋ᠴᠠ ᠨᠢ ᠬᠠᠰᠬᠢᠷᠪᠠ᠃ ᠮᠣᠷᠢᠳ ᠢ᠋ᠶ᠋ᠠᠨ  ᠲᠤᠱᠠᠭᠠᠳ ᠠᠰᠠᠷ ᠲᠤ᠌  ᠣᠷᠣᠬᠤ ᠳ᠋ᠤ᠌ ᠲᠠᠭ ᠬᠠᠷᠠᠩᠭᠤᠢ ᠪᠠᠢᠯ᠎ᠠ᠃ ᠲᠡᠭᠦᠨ ᠢ᠋  ᠬᠡᠲᠡ ᠪᠡᠨ ᠴᠠᠬᠢᠬᠤ ᠳ᠋ᠤ᠌ ᠪᠠᠷᠳᠠᠢ ᠰᠡᠴᠡᠨ ᠢᠷᠬᠠᠯᠠᠨ ᠥᠨᠳᠡᠢᠵᠦ ᠪᠠᠢᠬᠤ  ᠰᠢᠭ᠋ ᠪᠣᠯᠤᠯ᠎ᠠ᠃  
   — ᠡᠵᠡᠨ ᠮᠢᠨᠢ  ᠬᠡᠪᠲᠡ᠃ ᠪᠢ ᠣᠳᠣᠬᠠᠨ ᠭᠡᠬᠦ ᠮᠥᠷᠲᠡᠭᠡᠨ ᠱᠠᠮᠳᠠᠭᠠᠢ ᠤᠤᠯᠠ ᠪᠠᠨ ᠦᠯᠢᠶᠡᠨ᠂ ᠬᠠᠭᠤᠷᠠᠢ  ᠤᠢᠰᠤᠨ ᠤ᠋  ᠬᠡᠯᠲᠡᠰ ᠲᠦ᠍ ᠭᠠᠯ ᠠᠪᠤᠯᠴᠠᠭᠤᠯᠵᠤ᠂ ᠲᠦᠳᠡᠬᠡᠨ ᠭᠡᠭᠡ ᠱᠠᠵᠢᠭᠢᠨᠠᠨ ᠪᠠᠳᠠᠷᠠᠪᠠ᠃ ᠮᠡᠷᠭᠢᠳ ᠡᠷ᠎ᠡ ᠪᠣᠰᠤᠭᠰᠠᠨ ᠦᠭᠡᠢ᠂ ᠵᠥᠪᠬᠡᠨ ᠲᠣᠬᠣᠢ ᠳᠡᠭᠡᠷ᠎ᠡ ᠪᠡᠨ ᠥᠨᠳᠡᠢᠵᠡᠢ᠃ ᠭᠡᠭᠡᠨ ᠦ᠌ ᠭᠡᠷᠡᠯ ᠳ᠋ᠦ᠍ ᠨᠢᠷᠤᠭᠤᠨ ᠤ᠋ ᠬᠢᠨᠢ ᠡᠪᠡᠷᠡᠭᠰᠡᠨ ᠰᠢᠷᠬ᠎ᠠ  ᠨᠡᠯᠦᠩᠬᠡᠢ ᠳ᠋ᠡᠭᠡᠨ ᠬᠦᠷᠡᠩᠳᠡᠨ ᠭᠢᠯᠲᠠᠭᠠᠨᠠᠭᠠᠳ ᠨᠢᠳᠦ ᠬᠠᠯᠲᠤᠷᠢᠮ᠎ᠠ ᠬᠠᠷᠠᠭᠳᠠᠨ᠎ᠠ᠃ ᠥᠪᠡᠷ ᠦ᠋ᠨ ᠬᠢᠨᠢ ᠪᠤᠷᠤᠭᠤ ᠪᠠᠷ ᠢᠩᠭᠢᠭᠡ ᠦᠭᠡᠢ ᠴᠦ᠍ ᠢᠷᠡᠭᠡᠳᠦᠢ ᠶ᠋ᠢᠨ  ᠢᠯᠠᠯᠲᠠ ᠶ᠋ᠢᠨ ᠲᠥᠯᠥᠭᠡ ᠠᠷᠭ᠎ᠠ ᠪᠤᠶᠤ ᠬᠢᠯᠢᠰ ᠢ᠋ᠶ᠋ᠡᠷ ᠰᠢᠳᠬᠡᠭᠳᠡᠭᠰᠡᠨ ᠢ᠋ ᠨᠢ  ᠮᠡᠳᠡᠵᠦ ᠪᠠᠢᠭ᠎ᠠ ᠪᠣᠯᠬᠤ ᠪᠠᠷ ᠱᠠᠮᠳᠠᠭᠠᠢ ᠶ᠋ᠢᠨ  ᠳᠣᠲᠣᠷ᠎ᠠ ᠲᠤᠩ ᠲᠠᠪᠠ ᠦᠭᠡᠢ ᠪᠣᠯᠤᠯ᠎ᠠ᠃ ᠨᠤᠷᠠᠮ ᠳ᠋ᠤ᠌ ᠵᠢᠩᠨᠡᠭᠰᠡᠨ ᠴᠠᠢ ᠠ᠋ᠴᠠ ᠡᠵᠡᠨ ᠳ᠋ᠡᠭᠡᠨ  ᠬᠡᠳᠦᠨ ᠠᠶᠠᠭ᠎ᠠ ᠪᠠᠯᠭᠤᠭᠤᠯᠤᠭᠠᠳ ᠨᠢᠷᠤᠭᠤᠨ ᠳ᠋ᠤᠨᠢ ᠡᠮ ᠳᠦᠷᠭᠢᠶ᠎ᠡ ᠭᠡᠵᠦ  ᠳᠠᠬᠢᠨ ᠢᠳᠬᠠᠭᠰᠠᠨ ᠪᠣᠯᠪᠠᠴᠤ ᠪᠠᠷᠲᠠᠢ ᠰᠡᠴᠡᠨ ᠵᠥᠪᠰᠢᠶᠡᠷᠡᠭᠰᠡᠨ ᠦᠭᠡᠢ᠃ ᠲᠡᠭᠦᠨ ᠦ᠌ ᠴᠢᠷᠠᠢ ᠳ᠋ᠤ᠌ ᠴᠣᠬᠣᠮ ᠶᠠᠭᠤ ᠲᠣᠳᠣᠷᠠᠵᠤ ᠪᠠᠢᠭ᠎ᠠ ᠶ᠋ᠢ  ᠮᠡᠳᠡᠬᠦ ᠭᠡᠵᠦ ᠱᠠᠮᠳᠠᠭᠠᠢ ᠬᠢᠴᠢᠶᠡᠪᠡ᠃ 
    — ᠮᠣᠷᠢᠳ ᠪᠡᠯᠡᠨ ᠦᠦ ᠭᠡᠵᠦ ᠪᠠᠷᠲᠠᠢ ᠰᠡᠴᠡᠨ ᠵᠥᠭᠡᠭᠰᠢᠭᠰᠡᠨ ᠴᠠᠢ ᠠ᠋ᠴᠠ ᠭᠤᠷᠪᠠᠨ ᠠᠶᠠᠭ᠎ᠠ ᠤᠤᠭᠤᠭᠰᠠᠨ ᠤ᠋ ᠳᠠᠷᠠᠭ᠎ᠠ ᠰᠢᠪᠡᠨᠡᠨ ᠠᠰᠠᠭᠤᠯ᠎ᠠ᠃ 
   —  ᠪᠡᠯᠡᠨ᠃ ᠭᠠᠭᠴᠠ ᠭᠦ  ᠵᠠᠢᠯᠠᠵᠤ ᠭᠠᠷᠬᠤ ᠰᠡᠢᠮᠡᠬᠡᠢ ᠶ᠋ᠢ  ᠣᠯᠵᠤ ᠲᠣᠭᠲᠠᠭᠠᠵᠤ ᠴᠢᠳᠠᠭᠰᠠᠨ ᠦᠭᠡᠢ ᠪᠠᠢᠨᠠᠮ ᠭᠡᠵᠦ ᠱᠠᠮᠳᠠᠭᠠᠢ ᠬᠡᠯᠡᠬᠦ ᠳ᠋ᠡᠭᠡᠨ ᠰᠦᠪᠡᠭᠡᠳᠡᠢ ᠪᠠᠭᠠᠲᠤᠷ ᠲᠤ᠌ ᠶᠠᠭᠠᠬᠢᠵᠤ ᠬᠡᠯᠡ ᠬᠦᠷᠭᠡᠬᠦ ᠪᠣᠢ ᠭᠡᠰᠡᠨ ᠰᠢᠨᠠᠯᠠᠭᠠᠳᠤ ᠪᠣᠳᠣᠯ ᠳ᠋ᠠᠭᠠᠨ ᠳᠡᠭᠦᠷᠡᠭᠳᠡᠭᠰᠡᠭᠡᠷ  ᠪᠠᠢᠯ᠎ᠠ᠃ ᠪᠠᠷᠳᠠᠢ ᠰᠡᠴᠡᠨ ᠨᠢᠭᠡ ᠶᠠᠭᠤᠮ᠎ᠠ  ᠬᠡᠯᠡᠬᠦ ᠭᠡᠰᠡᠨ ᠢ᠋ᠶ᠋ᠡᠨ ᠪᠣᠯᠢᠵᠤ᠂ ᠰᠢᠲᠦ ᠪᠡᠨ ᠵᠠᠭᠤᠭᠠᠳ  ᠬᠠᠵᠠᠭᠤᠯᠠᠳᠠᠨ ᠬᠡᠪᠲᠡᠯ᠎ᠡ᠃ ᠭᠠᠯ ᠤ᠋ᠨ ᠭᠡᠷᠡᠯ ᠳ᠋ᠦ᠍ ᠲᠡᠭᠦᠨ ᠦ᠌ ᠣᠭᠴᠣᠮ ᠴᠢᠷᠠᠢ ᠤᠯᠠᠮ  ᠴᠤ᠌ ᠢᠯᠭᠠᠷᠠᠵᠤ᠂ ᠶᠠᠭᠠᠬᠢᠭᠠᠳ ᠴᠤ᠌ ᠶᠤᠮ ᠪᠣᠢ᠂ ᠰᠡᠳᠬᠢᠯ ᠨᠢ ᠨᠢᠭᠡ ᠯᠡ ᠶᠡᠬᠡ ᠲᠦᠪᠰᠢᠨ ᠪᠠᠢᠬᠤ ᠰᠢᠭ᠋ ᠰᠠᠨᠠᠭᠳᠠᠬᠤ ᠳ᠋ᠤ᠌ ᠱᠠᠮᠳᠠᠭᠠᠢ ᠭᠠᠢᠬᠠᠵᠤ ᠪᠠᠢᠯ᠎ᠠ᠃  
      ᠪᠠᠷᠲᠠᠢ ᠰᠡᠴᠡᠨ ᠂ ᠰᠥᠪᠡᠭᠡᠲᠡᠢ ᠪᠠᠭᠠᠲᠤᠷ ᠤ᠋ᠨ ᠴᠡᠷᠢᠭ ᠲᠦ᠍ ᠪᠦᠷ ᠬᠣᠵᠢᠭᠤ  ᠨᠠᠶ᠋ᠢᠯᠠᠵᠢ ᠃ ᠡᠷᠴᠢᠰ ᠮᠥᠷᠡᠨ ᠦ᠌ ᠴᠢᠨᠠᠳᠤ ᠳ᠋ᠤ᠌ ᠬᠠᠪᠤᠷᠵᠢᠵᠤ ᠪᠠᠶ᠋ᠢᠬᠰᠠᠨ ᠵᠥᠴᠢ ᠬᠠᠨ ᠬᠦᠦ ᠂ ᠲᠤᠭᠤᠴᠠᠷ ᠨᠣᠶᠠᠨ ᠢᠶᠡᠷ ᠵᠠᠭᠤᠴᠢᠯᠠᠭᠤᠯᠤᠨ ᠪᠠᠷᠲᠠᠢ ᠶ᠋ᠢ ᠢᠯᠡᠭᠡᠭᠰᠡᠨ ᠪᠢᠯᠡ ᠃ ᠠᠩᠬ᠎ᠠ ᠢᠷᠡᠬᠦ ᠳ᠋ᠡᠭᠡᠨ ᠭᠠᠶ᠋ᠢᠭᠤᠢ ᠳᠥᠯᠭᠡᠬᠡᠨ ᠬᠥᠮᠦᠨ ᠮᠡᠲᠦ ᠪᠠᠶ᠋ᠢᠬᠰᠠᠨ ᠪᠣᠯᠪᠠᠴᠤ ᠢᠯ ᠦ᠋ᠨ ᠠᠯᠲᠠᠢ ᠶ᠋ᠢ ᠳᠠᠪᠠᠭᠰᠠᠨ ᠠ᠋ᠴᠠ ᠬᠣᠶ᠋ᠢᠰᠢ ᠵᠠᠩ ᠨᠢ ᠬᠤᠪᠢᠷᠠᠵᠤ ᠂ ᠰᠥᠪᠡᠭᠡᠲᠡᠢ ᠪᠠᠭᠠᠲᠤᠷ ᠲᠠᠢ ᠢᠯᠡᠷᠬᠡᠢ  ᠴᠠᠩᠬᠠᠷᠬᠠᠬᠤ ᠪᠣᠯᠤᠭᠰᠠᠨ ᠊ᠢ ᠣᠶ᠋ᠢᠷ᠎ᠠ ᠪᠠᠶ᠋ᠢᠲᠠᠭ ᠤ᠋ᠨ ᠬᠤᠪᠢ ᠳ᠋ᠤ᠌  ᠱᠠᠮᠲᠠᠭᠠᠢ  ᠠᠩᠵᠠᠭᠠᠷᠠᠭᠰᠠᠨ  ᠬᠡᠷᠡᠭ  ᠃  ᠶᠡᠷᠦ  ᠶᠡᠬᠡᠰ  ᠨᠣᠶᠠᠳ ᠤ᠋ᠨ  ᠬᠤᠪᠢ ᠳ᠋ᠤ᠌ ᠡᠨᠡ ᠨᠢ ᠭᠠᠶ᠋ᠢᠬᠠᠮᠠᠷ ᠰᠣᠨᠢᠨ ᠪᠢᠰᠢ ᠯᠡ ᠳᠡ ᠃ ᠬᠠᠷᠢᠨ ᠳᠠᠶ᠋ᠢᠰᠤᠨ ᠳ᠋ᠠᠭᠠᠨ ᠣᠢᠷᠠᠳᠴᠤ ᠶᠠᠪᠤᠭ᠎ᠠ ᠶᠡᠬᠡ ᠴᠡᠷᠢᠭ ᠦ᠋ᠨ ᠳᠣᠲᠣᠷ᠎ᠠ ᠡᠶ᠋ᠢᠮᠦᠷᠬᠦ ᠪᠠᠶ᠋ᠢᠲᠠᠯ ᠤᠷᠢᠳᠠ ᠡᠮᠦᠨ᠎ᠡ ᠭᠠᠷᠴᠤ ᠪᠠᠶ᠋ᠢᠬᠰᠠᠨ ᠡᠰᠡᠬᠦ ᠶ᠋ᠢ ᠱᠠᠮᠲᠠᠭᠠᠢ ᠰᠠᠨᠠᠬᠤ ᠭᠡᠵᠦ ᠣᠷᠣᠯᠳᠣᠭᠠᠳ  ᠳᠥᠩᠭᠡᠭᠰᠡᠨ ᠦᠭᠡᠢ ᠶᠦ᠍ᠮ ᠃  ᠴᠢᠩᠭᠢᠵᠦ ᠳᠠᠷᠤᠭᠤᠯᠤᠭ᠎ᠠ ᠦᠭᠡᠢ ᠠᠪᠤᠷᠢᠯᠠᠭᠰᠠᠨ ᠤ᠋ ᠬᠢᠨᠢ ᠦᠷ᠎ᠡ ᠪᠣᠯᠪᠠᠰᠤᠷᠠᠵᠤ ᠂ ᠡᠷᠡᠮᠳᠡᠭ ᠪᠣᠯᠳᠠᠭ ᠤ᠋ᠨ ᠳᠠᠪᠠᠭᠠᠨ ᠳᠡᠭᠡᠷ᠎ᠡ ᠬᠡᠪᠲᠡᠵᠦ  ᠪᠠᠶ᠋ᠢᠬ᠋᠎ᠠ ᠶ᠋ᠢ ᠨᠢ ᠦᠵᠡᠭᠡᠳ ᠱᠠᠮᠲᠠᠭᠠᠢ ᠡᠨᠡ ᠬᠥᠮᠦᠨ ᠊ᠢ ᠤᠷᠢᠳᠠ ᠶ᠋ᠢᠨ ᠬᠢ  ᠰᠢᠭ᠋ ᠢ᠋ᠶ᠋ᠡᠨ ᠵᠢᠪᠡᠭᠦᠷᠬᠡᠨ  ᠵᠢᠭᠰᠢᠵᠦ ᠴᠢᠳᠠᠬᠤ ᠦᠭᠡᠢ ᠪᠠᠶ᠋ᠢᠯ᠎ᠠ ᠃ ᠠᠰᠠᠷ ᠤ᠋ᠨ ᠡᠭᠦᠳᠡ ᠵᠥᠭᠡᠯᠡᠨ ᠨᠡᠭᠡᠭᠡᠭᠳᠡᠵᠦ ᠂  ᠬᠡᠰᠢᠭᠲᠡᠨ ᠪᠤᠯᠭᠠᠲᠠᠷ ᠭᠡᠲᠡᠬᠦ ᠮᠡᠲᠦ ᠣᠷᠣᠵᠤ ᠢᠷᠡᠬᠦ ᠳ᠋ᠦ᠍ ᠱᠠᠮᠲᠠᠭᠠᠢ ᠭᠠᠶ᠋ᠢᠬᠠᠨ ᠰᠡᠷᠲᠡᠰᠬᠢᠪᠡ ᠃ ᠪᠤᠯᠭᠠᠲᠠᠷ ᠲᠡᠭᠦᠨ ᠳ᠋ᠦ᠍ ᠰᠢᠬᠠᠨ ᠰᠠᠭᠤᠭᠠᠳ ᠴᠢᠬᠢᠨ ᠳ᠋ᠦ᠍ᠨᠢ ᠄ 
    — ᠮᠠᠨ ᠤ᠋ ᠭᠠᠯ ᠢ᠋ᠶ᠋ᠠᠷ ᠣᠴᠢᠭᠠᠴᠢ ! ᠪᠢᠳᠡ  ᠱᠣᠷᠣᠯᠠᠭ ᠬᠢᠭᠰᠡᠨ  ᠶᠦ᠍ᠮ ᠃ ᠬᠤᠪᠢ ᠶ᠋ᠢᠨ ᠢᠳᠡᠭᠡ ᠰᠢᠦ ᠃ ᠵᠠᠪᠠᠯ ᠠᠮᠰᠠ ᠭᠡᠵᠦ ᠰᠢᠬᠠᠪᠠ ᠃ ᠱᠠᠮᠲᠠᠭᠠᠢ ᠡᠵᠡᠨ  ᠥᠭᠡᠳᠡ ᠪᠡᠨ ᠬᠠᠷᠠᠪᠠᠯ ᠪᠡᠶ᠎ᠡ ᠨᠢ ᠵᠢᠭᠠᠯ ᠲᠠᠯᠪᠢᠷᠠᠭᠰᠠᠨ ᠪᠣᠯᠤᠯᠲᠠᠢ ᠂ ᠠᠮᠠ ᠪᠠᠨ ᠠᠩᠭᠠᠶ᠋ᠢᠯᠭᠠᠭᠠᠳ ᠨᠠᠮᠤᠭᠤᠬᠠᠨ ᠠᠮᠢᠰᠬᠤᠯᠯᠠᠨ ᠤᠨᠲᠠᠵᠤ ᠪᠠᠶ᠋ᠢᠯ᠎ᠠ ᠃  
    《 ᠴᠠᠭ ᠢ᠋ᠶ᠋ᠠᠨ ᠣᠯᠤᠭᠰᠠᠨ ᠤᠷᠢᠯᠭ᠎ᠠ ᠪᠠᠶ᠋ᠢᠨ᠎ᠠ ᠃ ᠲᠡᠨᠳᠡ ᠡᠴᠡ ᠪᠠᠭᠠᠲᠤᠷ ᠤ᠋ᠨ ᠥᠷᠭᠥᠭᠡ ᠤᠷᠤᠭᠤ ᠣᠴᠢᠬᠤ ᠠᠶᠠᠨ ᠰᠢᠯᠲᠠᠭ ᠣᠯᠳᠠᠨ᠎ᠠ 》 ᠭᠡᠵᠦ ᠱᠠᠮᠲᠠᠭᠠᠢ ᠪᠤᠯᠭᠠᠲᠠᠷ ᠊ᠢ ᠳᠠᠭᠠᠭᠤᠯᠤᠨ ᠭᠠᠷᠴᠠᠢ ᠃  
      ᠲᠡᠭᠷᠢ ᠳ᠋ᠦ᠍ ᠣᠳᠣᠳ ᠬᠡᠲᠦᠶ᠋ᠢᠨ ᠵᠢᠭᠰᠠᠭᠰᠠᠨ ᠴᠤ᠌ ᠴᠡᠷᠢᠭ ᠦ᠋ᠳ ᠠᠮᠠᠷᠠᠬᠤ ᠪᠠᠰᠠ ᠯᠠ ᠪᠣᠯᠤᠭ᠎ᠠ ᠦᠭᠡᠢ ᠪᠠᠶ᠋ᠢᠬ᠋᠎ᠠ ᠪᠣᠯᠤᠯᠲᠠᠢ ᠃  ᠪᠤᠯᠭᠠᠲᠠᠷ ᠤ᠋ᠨ ᠠᠷᠪᠠᠲᠤ ᠶ᠋ᠢᠨ ᠬᠢᠨ ᠭᠠᠯ ᠢ᠋ᠶ᠋ᠠᠨ ᠲᠣᠭᠣᠷᠢᠨ ᠰᠠᠭᠤᠭᠠᠳ  ᠨᠠᠮᠤᠭᠤᠬᠠᠨ ᠬᠦᠦᠷᠨᠢᠯᠳᠦᠨ᠎ᠡ ᠃ ᠶᠡᠬᠡ ᠯᠡ ᠦᠢᠮᠡᠵᠦ ᠠᠶ᠋ᠢᠮᠤᠭᠰᠠ ᠬᠥᠷ ᠱᠤᠤᠭᠢᠶᠠᠨ ᠳᠤᠮᠳᠠ ᠣᠷᠣᠨ᠎ᠠ ᠭᠡᠵᠦ ᠪᠣᠳᠣᠵᠤ ᠠᠭᠰᠠ ᠱᠠᠮᠲᠠᠭᠠᠢ ᠡᠭᠦᠨ ᠳ᠋ᠦ᠍ ᠪᠠᠬᠠᠨ ᠭᠠᠶ᠋ᠢᠬᠠᠲᠠᠯ᠎ᠠ ᠪᠤᠯᠭᠠᠲᠠᠷ ᠨᠢᠷᠤᠭᠤ ᠤᠷᠤᠭᠤ ᠨᠢ ᠶᠣᠪᠣᠷᠴᠤ ᠄  
     — ᠴᠠᠴᠠᠷ ᠲᠤ᠌ ᠣᠷᠣ ᠭᠡᠵᠦ ᠰᠢᠪᠡᠨᠡᠯ᠎ᠡ ᠃ ᠲᠡᠭᠦᠨ ᠊ᠢ ᠣᠷᠣᠬᠤ ᠳ᠋ᠤ᠌ ᠠᠶᠠᠨ ᠤ᠋  ᠵᠢᠵᠢᠭᠬᠡᠨ ᠲᠤᠯᠭᠠᠨ ᠳ᠋ᠤ᠌ ᠬᠠᠭᠤᠷᠠᠢ ᠠᠷᠭᠠᠯ ᠨᠣᠴᠣᠵᠤ ᠂ ᠳᠡᠷᠭᠡᠳᠡ ᠨᠢ ᠶᠥᠲᠡᠩ ᠲᠡᠢ ᠨᠥᠮᠥᠷᠭᠡ ᠪᠡᠷ  ᠪᠡᠶ᠎ᠡ ᠪᠡᠨ ᠬᠤᠯᠳᠠᠭᠰᠠᠨ ᠭᠠᠭᠴᠠ ᠬᠥᠮᠦᠨ ᠰᠠᠭᠤᠵᠤ ᠪᠠᠶ᠋ᠢᠪᠠ ᠃ ᠱᠠᠮᠲᠠᠭᠠᠢ ᠶ᠋ᠢ ᠣᠷᠣᠬᠤ ᠳ᠋ᠤ᠌ ᠥᠭᠡᠳᠡ ᠡᠴᠡ ᠨᠢ ᠬᠠᠷᠠᠭᠰᠠᠨ ᠴᠤ᠌ ᠦᠭᠡᠢ ᠄  
    — ᠪᠠᠷᠠᠭᠠᠨ ᠮᠣᠷᠢᠳ ᠰᠣᠶ᠋ᠢᠭᠠᠳ ᠯᠠ ᠪᠠᠶ᠋ᠢᠬᠤ ᠴᠢᠨᠢ ᠂ ᠨᠤᠲᠤᠭ ᠥᠭᠡᠳᠡ ᠪᠡᠨ ᠭᠦᠶᠦᠬᠦ ᠨᠢ ‍ᠤᠤ  ᠂ ᠴᠢ ᠬᠥ ᠭᠡᠵᠦ ᠱᠣᠣᠯᠠᠩᠭᠤᠢ ᠬᠡᠯᠡᠬᠦ ᠨᠢ ᠲᠠᠨᠢᠯ  ᠳᠠᠭᠤ ᠠᠵᠢ ᠃  
      ᠲᠡᠷᠡ ᠬᠥᠮᠦᠨ ᠰᠥᠪᠡᠭᠡᠲᠡᠢ ᠪᠠᠭᠠᠲᠤᠷ ᠪᠠᠶ᠋ᠢᠵᠠᠢ ᠃ 

      ᠦᠰᠦᠭ ᠠᠮᠢᠯᠠᠭᠤᠯᠤᠭᠰᠠᠨ ᠨᠢ᠄  《 ᠬᠡᠯᠡ  ᠪᠢᠴᠢᠭ 》 ᠬᠣᠯᠪᠣᠭ᠎ᠠ