ᠰᠠᠷᠠᠨ ᠵᠡᠪᠡ – ᠵᠣᠬᠢᠶᠠᠯᠴᠢ᠂ ᠵᠢᠷᠤᠭᠠᠴᠢ ᠲ᠂ ᠮᠠᠨᠳᠢᠷ ( ᠲᠡᠦᠬᠡᠨ ᠲᠤᠭᠤᠵᠢ )– ᠭᠤᠷᠪᠠᠳᠤᠭᠠᠷ ᠪᠦᠯᠦᠭ Саран зэв – Зохиолч ᠂ Зураач – Т᠂ мандир ( Түүхэн тууж ) – гуравдугаар бүлэг
ᠰᠠᠷᠠᠨ ᠵᠡᠪᠡ – ᠭᠤᠷᠪᠠᠳᠤᠭᠠᠷ ᠪᠦᠯᠦᠭ
ᠨᠠᠰᠢᠷ ᠪᠠᠭᠠᠳᠤᠷ ᠨᠢᠭᠡᠨ ᠮᠥᠴᠡ ᠶ᠋ᠢᠨ ᠳᠣᠲᠣᠷ᠎ᠠ ᠬᠠᠮᠤᠭ ᠶᠠᠭᠤᠮ᠎ᠠ ᠪᠠᠨ ᠪᠡᠯᠡᠳᠭᠡᠭᠡᠳ ᠬᠦᠷᠢᠶᠡᠨ ᠦ ᠬᠠᠭᠠᠯᠭ᠎ᠠ ᠪᠠᠷ ᠪᠠᠷᠤᠭᠠᠷᠬᠠᠨ ᠴᠢᠷᠠᠶ᠋ᠢᠯᠠᠭᠰᠠᠭᠠᠷ ᠲᠤᠪᠳᠤᠯᠭᠠᠨ ᠭᠠᠷᠴᠤ ᠪᠠᠶ᠋ᠢᠬᠤ ᠦᠶ᠎ᠡ ᠳ᠋ᠦ᠍ ᠰᠥᠪᠡᠭᠡᠳᠡᠢ ᠵᠠᠩᠵᠤᠨ ᠤ ᠴᠡᠴᠡᠷ ᠲᠦ ᠨᠢᠭᠡᠨ ᠳᠠᠶ᠋ᠢᠴᠢᠨ ᠲᠡᠭᠦᠨ ᠦ ᠬᠢ ᠡᠴᠡ ᠴᠤ᠌ ᠢᠯᠡᠭᠦᠦ ᠬᠠᠴᠢᠨ ᠲᠤᠰᠢᠶᠠᠯ ᠰᠤᠨᠤᠰᠤᠭᠠᠳ ᠮᠠᠯ ᠭᠠᠶ᠋ᠢᠬᠠᠨ ᠴᠡᠯ ᠬᠥᠬᠡᠷᠡᠵᠦ ᠠᠪᠠᠢ᠃ ᠲᠡᠷᠡ ᠪᠣᠯ ᠤᠷᠢᠶᠠᠩᠬᠠᠢ ᠶ᠋ᠢᠨ ᠥᠮᠥᠭ ᠲᠦ᠍ ᠪᠠᠭᠲᠠᠭᠰᠠᠨ ᠲᠤᠭᠴᠢ ᠴᠡᠷᠢᠭ᠂ ᠳᠥᠷᠪᠡᠳ ᠤᠪᠤᠭ ᠤᠨ ᠱᠠᠮᠳᠠᠭᠠᠢ ᠬᠡᠮᠡᠬᠦ ᠬᠣᠷᠢᠨ ᠨᠢᠭᠡᠨ ᠨᠠᠰᠤᠲᠠᠢ᠂ ᠵᠠᠯᠠᠭᠤ ᠬᠥᠪᠡᠭᠥᠨ ᠪᠠᠶ᠋ᠢᠯ᠎ᠠ᠃ ᠱᠠᠮᠳᠠᠭᠠᠢ ᠨᠠᠰᠤ ᠬᠡᠳᠦᠢ ᠪᠠᠭ᠎ᠠ ᠴᠤ᠌ ᠴᠠᠪᠴᠢᠶᠠᠯ ᠪᠣᠭᠣᠮᠲᠠ ᠪᠠᠷ ᠨᠡᠪᠲᠡᠷᠡᠵᠦ᠂ ᠵᠥᠩᠲᠦ ᠳ᠋ᠦ᠍ ᠬᠦᠷᠴᠦ ᠦᠵᠡᠭᠰᠡᠨ᠂ ᠡᠯᠡᠰᠦᠨ ᠴᠦᠯ ᠢ ᠲᠤᠭᠤᠯᠤᠨ ᠲᠠᠩᠭᠤᠳ ᠤᠨ ᠴᠠᠯᠠ ᠬᠣᠲᠠ ᠶ᠋ᠢ ᠳᠣᠪᠲᠣᠯᠵᠤ ᠠᠮᠵᠢᠭᠰᠠᠨ ᠬᠠᠰᠢᠷ ᠪᠠᠶ᠋ᠢᠯᠳᠤᠭᠴᠢ ᠠᠵᠤᠭᠤ᠃ ᠲᠡᠶ᠋ᠢᠮᠦ ᠴᠦ᠍ ᠤᠴᠢᠷ ᠠ᠋ᠴᠠ ᠲᠡᠷᠡ ᠪᠡᠷ ᠬᠠᠴᠢᠨ ᠲᠤᠰᠢᠶᠠᠯ ᠤᠨ ᠬᠢᠨᠢ ᠤᠴᠢᠷ ᠣᠯᠪᠣᠭᠣ ᠶ᠋ᠢ ᠡᠵᠡᠨ ᠵᠠᠩᠵᠤᠨ ᠠ᠋ᠴᠠ ᠠᠰᠠᠭᠤᠵᠤ᠂ ᠬᠡᠳᠦ ᠭᠤᠷᠪᠠᠨ ᠦᠭᠡ ᠰᠣᠯᠢᠯᠴᠠᠬᠤ ᠡᠷᠬᠡ ᠲᠡᠢ ᠪᠠᠶ᠋ᠢᠯ᠎ᠠ᠃
— ᠥᠭᠡᠷ᠎ᠡ ᠬᠡᠨ ᠨᠢᠭᠡ ᠳ᠋ᠦ᠍ ᠪᠤᠰᠤ ᠂ ᠲᠡᠷᠡ ᠮᠠᠷᠬᠢᠳ ᠤᠨ ᠥᠴᠥᠬᠡᠨ ᠲᠠᠶ᠋ᠢᠪᠤᠷᠢ ᠡᠷ᠎ᠡ ᠳ᠋ᠤ᠌ ᠬᠥᠳᠥᠴᠢ ᠪᠤᠯᠬᠤ ᠭᠡᠵᠥ ᠦᠦ ᠬᠡᠮᠡᠨ ᠱᠠᠮᠳᠠᠭᠠᠢ ᠶᠡᠬᠡᠳᠡ ᠤᠨᠲᠤᠭᠤᠴᠠᠭᠰᠠᠨ ᠢᠶ᠋ᠠᠨ ᠦᠯᠦ ᠨᠢᠭᠤᠨ ᠥᠭᠦᠯᠡᠨ᠎ᠡ᠃ ᠬᠢᠯᠢᠩᠨᠡᠭᠡᠳ ᠴᠢᠩᠭ᠎ᠠ ᠲᠤᠰᠢᠶᠠᠯ ᠪᠠᠭᠤᠯᠭᠠᠴᠢᠬᠠᠬᠤ ᠳ᠋ᠤ᠌ ᠰᠥᠪᠡᠭᠡᠳᠡᠢ ᠳ᠋ᠦ᠍ ᠠᠮᠠᠷᠬᠠᠨ ᠪᠠᠶ᠋ᠢᠪᠠ ᠃ ᠬᠡᠪᠡᠴᠤ ᠡᠨᠡ ᠪᠣᠯ ᠲᠠᠭᠠᠷᠢᠬᠤ᠂ ᠳᠣᠪᠲᠣᠯᠬᠤ ᠴᠡᠷᠢᠭ ᠦᠨ ᠶᠡᠷᠦᠳᠡ ᠶ᠋ᠢᠨ ᠦᠢᠯᠡ ᠪᠤᠰᠤ᠂ ᠲᠤᠰᠢᠶᠠᠯ ᠢ ᠨᠠᠷᠢᠨ ᠤᠬᠠᠭᠰᠠᠨ ᠬᠥᠮᠦᠨ ᠯᠡ ᠰᠠᠶᠢ ᠭᠥᠢᠴᠡᠯᠳᠡᠭᠥᠯᠵᠥ ᠴᠢᠳᠠᠬᠤ ᠶᠠᠷᠪᠢᠭᠲᠠᠢ ᠠᠯᠪᠠ ᠪᠠᠶ᠋ᠢᠭᠰᠠᠨ ᠪᠤᠯᠬᠤ ᠪᠠᠷ ᠪᠠᠭᠠᠲᠤᠷ᠂ ᠬᠠᠶ᠋ᠢᠷᠠᠲᠠᠢ ᠰᠢᠳᠡᠷ ᠴᠡᠷᠢᠭ ᠦᠨ ᠢᠶ᠋ᠡᠨ ᠪᠤᠬᠢᠮᠳᠠᠬᠤ ᠶ᠋ᠢ ᠲᠡᠰᠥᠨ ᠥᠩᠭᠡᠷᠡᠭᠦᠯᠵᠦ᠂ ᠤᠯᠠᠮ ᠴᠤ᠌ ᠲᠠᠶ᠋ᠢᠪᠤᠩ ᠢᠶ᠋ᠠᠷ ᠄
— ᠲᠡᠭᠦᠨ ᠢ ᠲᠡᠭᠡᠵᠦ ᠬᠥᠩᠭᠡᠨ ᠢᠶ᠋ᠡᠷ ᠨᠡᠷᠡᠯᠡᠵᠦ ᠦᠯᠦ ᠪᠣᠯᠤᠨ᠎ᠠ᠃ ᠪᠢ ᠤᠷᠪᠠᠵᠤ ᠮᠠᠭᠠᠳ ᠦᠭᠡᠢ ᠭᠡᠵᠦ ᠰᠡᠵᠢᠭᠯᠡᠵᠦ ᠪᠠᠶ᠋ᠢᠭ᠎ᠠ ᠮᠥᠷᠳᠡᠯ᠎ᠡ ᠪᠡᠨ ᠂ ᠲᠡᠭᠡᠵᠦ ᠬᠡᠯᠡᠵᠦ ᠴᠢᠳᠠᠬᠤ ᠥᠬᠡᠢ ᠪᠠᠶ᠋ᠢᠭ᠎ᠠ ᠶ᠋ᠢ ᠪᠣᠳᠣᠭᠲᠤᠨ᠃ ᠶᠠᠮᠠᠷ ᠪᠤᠯᠪᠠᠴᠤ ᠲᠡᠭᠦᠨ ᠦ ᠳᠡᠷᠭᠡᠳᠡ ᠮᠢᠨᠦ ᠨᠢᠳᠦ ᠴᠢᠬᠢ ᠪᠠᠶ᠋ᠢᠬᠤ ᠬᠡᠷᠡᠭᠲᠡᠢ ᠭᠡᠵᠦ ᠤᠴᠢᠷᠯᠠᠪᠠ ᠃
— ᠬᠣᠷᠴᠢᠨ ᠪᠤᠮᠳᠠᠢ᠂ ᠬᠡᠰᠢᠭᠲᠡᠨ ᠦ ᠪᠤᠯᠭᠠᠳᠠᠷ ᠭᠡᠳ ᠭᠠᠷ ᠴᠢᠩᠭ᠎ᠠ᠂ ᠴᠢᠬᠢ ᠤᠷᠲᠤ ᠡᠷᠡᠰ ᠲᠠᠨ ᠳ᠋ᠤ᠌ ᠪᠠᠶ᠋ᠢᠬᠤ ᠰᠢᠤ ᠳ᠋ᠠ ᠭᠡᠵᠥ ᠡᠨᠡ ᠬᠦ᠌ ᠨᠡᠷ᠎ᠡ ᠨᠢᠭᠤᠷ ᠮᠠᠭᠤ ᠲᠠᠢ ᠪᠤᠯᠵᠤ ᠢᠷᠡᠭᠡᠳ ᠡᠴᠦᠰ ᠨᠢ ᠦᠯᠦ ᠮᠡᠳᠡᠭᠳᠡᠬᠥ ᠤᠨᠵᠢᠬᠢᠷ ᠠᠯᠪᠠᠨ ᠠ᠋ᠴᠠ ᠠᠯᠢ ᠪᠣᠯᠬᠤ ᠰᠤᠭᠤᠷᠠᠬᠤ ᠵᠢ ᠬᠢᠴᠢᠶᠡᠭᠰᠡᠨ ᠱᠠᠮᠳᠠᠭᠠᠢ ᠰᠢᠷᠭᠠᠭᠤ ᠮᠡᠳᠬᠡᠪᠡ ᠃ ᠲᠡᠲᠡ ᠦᠨᠡᠬᠡᠷ ᠶᠠᠮᠠᠷ ᠴᠤ᠌ ᠲᠤᠰᠢᠶᠠᠯ ᠠ᠋ᠴᠠ ᠪᠤᠴᠠᠬᠤ ᠦᠭᠡᠢ ᠵᠢᠩᠬᠢᠨᠢ ᠳᠠᠶ᠋ᠢᠴᠢᠳ ᠮᠥᠨ ᠬᠡᠵᠣ ᠰᠥᠪᠡᠭᠡᠲᠠᠢ ᠂ ᠱᠠᠮᠲᠠᠭᠠᠢ ᠶ᠋ᠢ ᠶᠠᠯᠢ ᠦᠭᠡᠢ ᠳᠠᠭᠠᠷᠢᠰᠬᠢᠨ ᠦᠭᠦᠯᠡᠭᠡᠳ
— ᠭᠡᠬᠦ ᠳ᠋ᠡᠭᠡᠨ ᠲᠡᠲᠡᠨ ᠪ ᠬᠡᠨ ᠨᠢ ᠴᠤ᠌ ᠴᠢᠮ᠎ᠠ ᠰᠢᠭ᠋ ᠵᠢᠰᠦ ᠪᠡᠨ ᠪᠤᠷᠤᠭᠤᠯᠤᠨ ᠵᠦᠷᠴᠢᠨ ᠪ ᠴᠤ᠌ ᠶᠣᠮ ᠤᠤ ᠂ ᠨᠠᠢ᠍ᠮᠠᠨ ᠪ ᠴᠡᠷᠢᠭ ᠦ᠋ᠨ ᠬᠦᠷᠢᠶᠡᠨ ᠳ᠋ᠦ᠍ ᠨᠡᠪᠲᠡᠷᠡᠵᠦ ᠦᠵᠡᠭᠰᠡᠨ ᠦᠭᠡᠢ ᠬᠦᠮᠦᠰ ᠰᠢᠦ ᠳ᠋ᠡ ᠭᠡᠪᠡ ᠃ ᠬᠡᠷᠡᠭ ᠨᠡᠯᠢᠶᠡᠳ ᠨᠣᠴᠢᠲᠠᠢ ᠪᠣᠯᠵᠣ ᠪᠠᠶ᠋ᠢᠬ᠋᠎ᠠ ᠶ᠋ᠢ ᠣᠶ᠋ᠢᠯᠠᠭᠠᠭᠰᠠᠨ ᠱᠠᠮᠲᠠᠭᠠᠢ ᠴᠢᠨᠠᠭᠰᠢᠲᠠ ᠮᠠᠷᠭᠤᠬᠤ ᠪᠠᠨ ᠪᠣᠯᠢᠬᠰᠠᠨ ᠨᠢ ᠳᠡᠭᠡᠷ᠎ᠡ ᠭᠡᠵᠦ ᠦᠵᠡᠯ᠎ᠡ ᠃
— ᠪᠣᠯᠲᠤᠭᠠᠢ ᠡᠵᠡᠨᠲᠡᠨ ᠮᠢᠨᠢ ᠃ ᠲᠠᠨ ᠪ ᠦᠭᠡ ᠶ᠋ᠢ ᠳᠠᠭᠠᠶ᠎ᠠ ᠃ ᠣᠲᠣ ᠨᠠᠲᠠ ᠳ᠋ᠦ᠍ ᠳᠡᠯᠭᠡᠷᠡᠭᠦᠯᠦᠨ ᠬᠡᠯᠡᠵᠥ ᠠᠶ᠋ᠢᠯᠠᠳ ᠃ ᠪᠢ ᠲᠡᠷᠡ ᠮᠡᠷᠭᠢᠳ ᠦ᠋ᠨ ᠦᠷᠡᠳᠡᠰ ᠲᠦ ᠲᠠᠯ᠎ᠠ ᠵᠠᠰᠠᠵᠤ ᠂ ᠨᠣᠮᠣᠬᠠᠨ ᠮᠣᠷᠢᠨ ᠪ ᠬᠢᠨᠢ ᠨᠣᠭᠲᠣ ᠪᠣᠯᠵᠣ ᠴᠢᠲᠠᠨ᠎ᠠ ᠃ ᠭᠠᠭᠴᠠ ᠬᠦ ᠴᠢᠨᠠᠭᠰᠢᠲᠠ ᠬᠡᠷᠬᠢᠬᠦ ᠶ᠋ᠢ ᠦᠯᠦ ᠮᠡᠲᠡᠨᠡᠮ ᠬᠡᠵᠣ ᠥᠴᠢᠬᠥ ᠳ᠋ᠦ᠍ ᠂ ᠰᠥᠪᠡᠭᠡᠲᠡᠢ ᠪᠠᠭᠠᠲᠤᠷ ᠰᠡᠤᠠᠬᠢᠯ ᠠᠭᠣᠵᠢᠷᠠᠭᠰᠠᠨ ᠪᠣᠯᠣᠯᠲᠠᠢ ᠢᠨᠢᠶᠡᠮᠰᠦᠭᠯᠡᠪᠡ ᠃
— ᠴᠢ ᠲᠤᠰᠢᠶᠠᠯ ᠊ᠢ ᠬᠦᠯᠢᠶᠡᠵᠦ ᠠᠪᠤᠭᠰᠠᠨ ᠪᠣᠯ ᠡᠨᠡ ᠪᠦᠬᠦ ᠦᠢᠯᠡᠰ ᠰᠠᠶ᠋ᠢᠨ ᠶ᠋ᠢᠠᠷ ᠳᠠᠭᠤᠰᠤᠨ᠎ᠠ ᠭᠡᠳᠡᠭ ᠊ᠢ ᠪᠢ ᠴᠢᠮ᠎ᠠ ᠳ᠋ᠦ᠍ ᠠᠮᠠᠯᠠᠶ᠎ᠠ ᠃ ᠬᠠᠷᠢᠨ ᠳᠠᠶ᠋ᠢᠪᠤᠷᠢ ᠂ ᠦᠷᠡᠲᠡᠰ ᠭᠡᠰᠡᠨ ᠰᠠᠨᠠᠬ᠋᠎ᠠ ᠪᠠᠨ ᠴᠡᠭᠡᠵᠢᠨ ᠪ ᠪᠡᠨ ᠴᠠᠭᠠᠨ᠎ᠠ ᠠᠯᠢ ᠪᠣᠯᠬᠤ ᠪᠠᠷ ᠯᠠᠪ ᠨᠢᠭᠣᠵᠣ ᠦᠵᠡ ᠃ ᠶᠡᠷᠦ ᠰᠠᠨᠠᠬ᠋᠎ᠠ ᠭᠡᠭᠴᠢ ᠨᠢᠲᠦᠨ ᠪ ᠬᠠᠷᠠᠴᠠ ᠳ᠋ᠦ᠍ ᠢᠯᠡᠷᠡᠬᠦ ᠲᠤᠯᠠ ᠪᠠᠬᠠᠨ ᠰᠡᠷᠡᠮᠵᠢᠯᠡᠪᠡᠰᠦ ᠰᠠᠶ᠋ᠢᠨ ᠃ ᠲᠡᠷᠡ ᠪᠣᠯ ᠶᠠᠮᠠᠷ ᠨᠢᠭᠡᠨ ᠥᠴᠦᠬᠡᠨ ᠡᠷ᠎ᠡ ᠪᠤᠰᠤ ᠂ ᠵᠥᠴᠢ ᠬᠠᠨ ᠬᠦᠦ ᠥᠪᠡᠷ ᠶ᠋ᠢᠡᠨ ᠢᠯᠡᠭᠡᠭᠰᠡᠨ ᠮᠡᠷᠭᠢᠳ ᠦ᠋ᠨ ᠢᠵᠠᠭᠤᠷᠲᠤ ᠬᠥᠮᠦᠨ ᠪᠠᠷᠲᠠᠢ ᠰᠡᠴᠡᠨ ᠭᠡᠳᠡᠭ ᠊ᠢ ᠪᠤᠤ ᠤᠮᠠᠷᠲᠠ ᠃ ᠴᠢ ᠲᠡᠭᠦᠨ ᠳ᠋ᠦ᠍ ᠳᠠᠷᠤᠢ ᠰᠢᠲᠠᠷᠯᠠᠨ ᠣᠶ᠋ᠢᠷᠠᠲᠤᠭᠠᠳ ᠂ ᠲᠡᠭᠦᠨ ᠪ ᠪᠦᠬᠦᠢ ᠯᠡ ᠰᠠᠨᠠᠬ᠋᠎ᠠ ᠪᠣᠲᠣᠯ ᠊ᠢ ᠳᠡᠮᠵᠢᠨ ᠦᠷᠨᠢᠭᠦᠯ ᠃ ᠡᠨᠡ ᠢᠯᠠᠩᠭᠤᠶ᠎ᠠ ᠲᠡᠷᠡ ᠬᠥᠮᠦᠨ ᠂ ᠨᠠᠲᠠ ᠳ᠋ᠦ᠍ ᠮᠠᠭᠤ ᠰᠠᠨᠠᠵᠤ ᠂ ᠮᠠᠨ ᠪ ᠴᠡᠷᠢᠭ ᠦ᠋ᠨ ᠬᠦᠷᠢᠶ᠎ᠡ ᠶ᠋ᠢ ᠣᠷᠬᠢᠨ ᠣᠪᠣᠭ ᠨᠢᠭᠡᠲᠡᠨ ᠥᠭᠡᠲᠡ ᠪᠡᠨ ᠣᠷᠭᠣᠨ ᠵᠠᠶ᠋ᠢᠯᠠᠰᠤᠭᠠᠢ ᠬᠡᠮᠡᠪᠡᠰᠦ ᠲᠡᠭᠦᠨ ᠡᠴᠡ ᠡᠷᠬᠢᠮ ᠳᠣᠰᠠ ᠦᠭᠡᠢ ᠃ ᠴᠢ ᠮᠠᠰᠢᠲᠠ ᠳᠡᠮᠵᠢᠨ ᠬᠠᠮᠲᠤ ᠪᠠᠷ ᠳᠠᠭᠠᠵᠣ ᠣᠤᠠᠪᠠᠰᠣ ᠵᠣᠬᠢᠨ᠎ᠠ ᠃
— ᠡᠢᠮᠦᠷᠬᠦ ᠦᠢᠯᠡᠨ ᠳ᠋ᠦ᠍ ᠨᠠᠮᠠᠶ᠋ᠢ ᠬᠡᠷᠡᠭᠯᠡᠬᠦ ᠭᠡᠰᠡᠨ ᠡᠵᠡᠨ ᠲᠠᠨ ᠤ᠋ ᠰᠠᠨᠠᠭ᠎ᠠ ᠶ᠋ᠢ
ᠪᠢ ᠰᠠᠢᠲᠤᠷ ᠤᠬᠠᠯ᠎ᠠ᠃ ᠭᠠᠭᠴᠠ ᠬᠦ᠌ ᠪᠣᠳᠣᠪᠠᠰᠤ ᠵᠥᠴᠢ ᠬᠠᠨ ᠬᠦᠦ ᠶ᠋ᠢᠨ ᠢᠲᠡᠭᠡᠭᠰᠡᠨ ᠬᠥᠮᠦᠨ ᠠᠪ
ᠠᠪᠤᠭᠰᠠᠭᠠᠷ ᠤᠷᠭᠤᠵᠤ ᠣᠳᠤᠨ᠎ᠠ ᠭᠡᠳᠡᠭ ᠬᠠᠮᠢᠭᠠᠰᠢ ᠪᠠᠨ ᠯᠠ ᠪᠣᠯ⁉
— ᠲᠡᠭᠦᠨ ᠳ᠋ᠦ᠍ ᠲᠡᠢᠮᠦ ᠰᠠᠨᠠᠭ᠎ᠠ ᠪᠠᠢᠬᠤ ᠦᠭᠡᠢ ᠪᠠᠢᠵᠤ ᠪᠣᠯᠤᠨ᠎ᠠ᠃ ᠭᠡᠪᠡᠴᠦ
ᠲᠥᠷᠥᠭᠦᠯᠦᠭᠡᠳ ᠥᠭᠴᠦ ᠪᠣᠯᠬᠤ ᠪᠤᠢ ᠭᠡᠵᠦ ᠰᠦᠪᠡᠭᠡᠳᠡᠢ ᠰᠢᠵᠠᠭᠤᠷ ᠵᠠᠭᠤᠨ ᠬᠡᠯᠡᠬᠦ ᠳ᠋ᠦ᠍ ᠱᠠᠮᠳᠠᠭᠠᠢ
ᠳᠣᠲᠣᠷ᠎ᠠ ᠪᠠᠨ ᠭᠠᠢᠬᠠᠪᠠ᠃ ᠪᠠᠷᠤᠭᠲᠠᠢ ᠪᠣᠯ ᠢᠩᠭᠢᠵᠦ ᠢᠯᠡᠷᠬᠡᠢ ᠬᠢᠯᠢᠩᠨᠡᠳᠡᠭ ᠦᠭᠡᠢ ᠬᠥᠮᠦᠨ ᠡᠢᠨ ᠬᠦ᠌
ᠲᠠᠴᠢᠶᠠᠳᠠᠵᠤ ᠪᠠᠢᠭ᠎ᠠ ᠶ᠋ᠢ ᠪᠣᠳᠣᠬᠤ ᠳ᠋ᠤ᠌ ᠨᠢᠭᠡ ᠪᠣᠯ ᠮᠠᠨ ᠤ᠋ ᠠᠵᠢᠯ ᠦᠢᠯᠡᠰ ᠲᠤᠩ ᠳᠣᠣᠷ᠎ᠠ ᠣᠷᠣᠭᠰᠠᠨ
ᠬᠡᠷᠡᠭ᠂ ᠡᠰᠡ ᠪᠡᠷ ᠲᠡᠷᠡ ᠪᠠᠷᠲᠠᠢ ᠰᠡᠴᠡᠨ ᠦᠨᠡᠬᠡᠷ ᠰᠦᠪᠡᠭᠡᠳᠡᠢ ᠪᠠᠭᠠᠲᠤᠷ ᠤ᠋ᠨ ᠨᠢᠳᠦᠨ ᠳ᠋ᠦ᠍
ᠣᠷᠣᠭᠰᠠᠨ ᠬᠣᠭ ᠮᠡᠲᠦ ᠲᠣᠷᠴᠤ ᠪᠠᠢᠭ᠎ᠠ ᠪᠣᠯᠵᠤ ᠲᠠᠭᠠᠷᠠᠨ᠎ᠠ᠃ᠡᠨᠡ
ᠵᠠᠪᠰᠠᠷ ᠪᠠᠷᠲᠠᠢ ᠰᠡᠴᠡᠨ ᠦ᠌ ᠶᠠᠭᠤ ᠬᠢᠵᠦ ᠪᠠᠢᠭ᠎ᠠ ᠶ᠋ᠢ ᠲᠠᠩᠳᠠᠬᠤ ᠪᠠᠷ ᠶᠠᠪᠤᠭᠰᠠᠨ ᠬᠣᠷᠴᠢᠨ ᠣᠷᠣᠵᠤ
ᠢᠷᠡᠪᠡ᠃
— ᠪᠠᠷᠲᠠᠢ ᠰᠡᠴᠡᠨ ᠠᠰᠠᠷ ᠳᠠᠭᠠᠨ ᠵᠠᠭᠤᠲᠤ ᠶ᠋ᠢᠨ ᠬᠡᠳᠦᠨ ᠨᠣᠶᠠᠳ ᠢ᠋ ᠴᠤᠭᠯᠠᠭᠤᠯᠵᠤ᠂
ᠤᠷᠤᠭᠰᠢᠯᠠᠬᠤ ᠦᠭᠡᠢ ᠪᠠᠢᠭ᠎ᠠ ᠶ᠋ᠢᠨ ᠤᠴᠢᠷ ᠢ᠋ ᠪᠠᠭᠠᠲᠤᠷ ᠲᠠᠨ ᠠ᠋ᠴᠠ ᠵᠠᠪᠠᠯ ᠠᠰᠠᠭᠤᠬᠤ ᠬᠡᠷᠡᠭᠲᠡᠢ
ᠭᠡᠵᠦ ᠢᠳᠬᠠᠵᠤ ᠪᠠᠢᠨ᠎ᠠ᠃ ᠪᠠᠰᠠ ᠥᠪᠡᠷ ᠢ᠋ ᠪᠠᠨ ᠳᠣᠣᠷᠠᠲᠤ ᠦᠵᠡᠭᠳᠡᠪᠡ᠂ ᠡᠳᠦᠢ ᠪᠣᠯᠲᠠᠯ᠎ᠠ ᠬᠥᠲᠥᠴᠢ
ᠦᠭᠡᠢ ᠶᠠᠪᠤᠨ᠎ᠠ ᠬᠡᠮᠡᠨ ᠭᠣᠮᠣᠳᠠᠯᠯᠠᠨᠠ ᠭᠡᠰᠡᠨ ᠬᠣᠷᠴᠢ ᠶ᠋ᠢᠨ ᠦᠭᠡ ᠶ᠋ᠢ ᠰᠣᠨᠣᠰᠤᠭᠠᠳ ᠰᠦᠪᠡᠭᠡᠳᠡᠢ
ᠱᠠᠮᠳᠠᠭᠠᠢ ᠥᠭᠡᠳᠡ ᠲᠣᠯᠣᠭᠠᠢ ᠳᠣᠬᠢᠵᠤ᠄
— ᠡᠭᠦᠨ ᠡᠴᠡ
ᠢᠯᠡᠭᠦᠦ ᠵᠠᠪᠰᠢᠶᠠᠨ ᠣᠯᠳᠠᠬᠤ ᠦᠭᠡᠢ᠃ ᠣᠳᠣ ᠣᠴᠢᠵᠤ᠂ ᠲᠡᠭᠦᠨ ᠦ᠌ ᠬᠥᠲᠥᠴᠢ ᠪᠡᠷ ᠢᠷᠡᠵᠦ ᠪᠠᠢᠭ᠎ᠠ ᠪᠠᠨ
ᠮᠡᠳᠡᠭᠳᠡ᠃ ᠠᠯᠪᠠ ᠵᠡᠷᠭᠡ ᠪᠠᠨ ᠨᠢᠭᠤᠬᠤ ᠬᠡᠷᠡᠭ ᠦᠭᠡᠢ᠃ ᠪᠢ ᠲᠡᠭᠦᠨ ᠢ᠋ ᠬᠦᠨᠳᠦᠯᠡᠵᠦ᠂ ᠲᠤᠭᠴᠢ ᠪᠠᠨ
ᠥᠭᠴᠦ ᠪᠠᠢᠭ᠎ᠠ ᠶ᠋ᠢ ᠣᠢᠯᠠᠭᠠᠭ ᠭᠡᠵᠡᠢ᠃ ᠱᠠᠮᠳᠠᠭᠠᠢ ᠶᠣᠰᠣᠯᠠᠭᠠᠳ ᠡᠷᠭᠢᠬᠦ ᠳ᠋ᠦ᠍ ᠰᠦᠪᠡᠭᠡᠳᠡᠢ ᠳᠠᠭᠤᠳᠠᠨ
ᠵᠣᠭᠰᠣᠭᠠᠭᠠᠳ
— ᠶᠠᠭᠠᠬᠢᠵᠤ ᠮᠡᠳᠡᠬᠦ ᠪᠤᠢ᠂ ᠬᠣᠢᠰᠢᠳᠠ ᠶ᠋ᠢᠨ ᠬᠡᠷᠡᠭ ᠲᠤᠩ ᠬᠤᠷᠳᠤᠨ ᠥᠷᠨᠢᠵᠦ ᠪᠣᠯᠵᠣᠰᠢ
ᠦᠭᠡᠢ᠃ ᠴᠢ ᠨᠠᠳᠠ ᠲᠠᠢ ᠳᠠᠬᠢᠨ ᠠᠭᠤᠯᠵᠠᠬᠤ ᠴᠠᠭ ᠵᠠᠪᠠᠯ ᠭᠠᠷᠭᠠᠬᠤ ᠬᠡᠷᠡᠭᠲᠡᠢ ᠭᠡᠵᠦ ᠵᠠᠬᠢᠯ᠎ᠠ᠃
ᠪᠠᠬ᠋᠎ᠠ ᠦᠲᠡ ᠪᠤᠯᠵᠥ ᠴᠡᠷᠢᠭ ᠦ᠋ᠨ ᠬᠦᠷᠢᠶᠡᠨ ᠳ᠋ᠦ᠍ ᠨᠠᠮᠤᠭᠤᠬᠠᠨ ᠪᠡᠶ᠋ᠢᠪᠠ ᠃ ᠴᠢᠩᠭᠢᠰ ᠬᠠᠭᠠᠨ ᠪ ᠠᠩᠬ᠎ᠠ ᠵᠠᠬᠢᠬᠰᠠᠨ ᠶᠤᠰᠣᠭᠠᠷ ᠨᠡᠨ ᠣᠷᠲᠤ ᠠᠶᠠᠯᠠᠯ ᠦ᠋ᠨ ᠲᠣᠷᠰᠢ ᠮᠤᠷᠢᠳ ᠶ᠋ᠢᠠᠨ ᠭᠠᠮᠨᠠᠵᠤ ᠂ ᠠᠩ ᠠᠪᠠ ᠂ ᠠᠶᠠᠨ ᠪᠠᠭᠤᠲᠠᠯ ᠶ᠋ᠢᠠᠨ ᠶᠠᠪ ᠴᠠᠪ ᠵᠣᠬᠢᠴᠠᠭᠤᠯᠤᠭᠰᠠᠨ ᠤᠴᠢᠷ ᠠ᠋ᠴᠠ ᠬᠦᠮᠥᠨ ᠮᠤᠷᠢᠳ ᠵᠣᠪᠠᠵᠤ ᠵᠦᠳᠡᠷᠡᠭᠰᠡᠨ ᠨᠢ ᠲᠤᠩ ᠪᠠᠬ᠋᠎ᠠ ᠃ ᠡᠵᠡᠨ ᠵᠠᠩᠵᠤᠨ ᠪ ᠦᠷᠬᠦᠬᠡᠨ ᠳ᠋ᠦ᠍ ᠪᠣᠯᠵᠤ ᠪᠤᠢ ᠶᠠᠪᠤᠲᠠᠯ ᠴᠡᠷᠢᠭ ᠪᠡᠶ᠋ᠢᠲᠤᠭᠠᠢ ᠵᠠᠭᠤᠲᠤ ᠂ ᠮᠢᠩᠭᠠᠨ ᠪ ᠨᠤᠶᠠᠳ ᠲᠦ ᠦᠯᠤ ᠮᠡᠳᠡᠭᠳᠡᠬᠦ ᠲᠤᠯᠠ ᠡᠨᠡ ᠬᠢᠷᠢ ᠬᠦᠷᠢᠶ᠎ᠡ ᠪᠠᠭᠤᠲᠠᠯ ᠨᠠᠮᠪᠠᠲᠢ ᠲᠦᠭᠰᠦᠢᠵᠦ ᠂ ᠠᠭᠤᠯᠠ ᠶ᠋ᠢᠨ ᠤᠷᠲᠤ ᠨᠣᠭᠣᠭᠠᠨ ᠬᠦᠨᠳᠡᠢ ᠳ᠋ᠦ᠍ ᠬᠤᠲᠠᠯᠲᠤᠭᠠᠴᠢᠳ ᠦ᠋ᠨ ᠲᠣᠮᠣᠬᠠᠨ ᠵᠢᠩ ᠠᠮᠠᠰᠬᠢᠵᠤ ᠪᠡᠶ᠋ᠢᠬ᠋ᠠ ᠮᠡᠲᠦ ᠠᠮᠤᠭᠤᠯᠠᠩ ᠲᠠᠶ᠋ᠢᠪᠤᠩ ᠠᠮᠤᠢ ᠃
ᠪᠠᠭᠠᠲᠤᠷ ᠦ᠋ᠨ ᠠᠰᠠᠷ ᠦ᠋ᠨ ᠠᠷᠤ ᠳ᠋ᠦ᠍ ᠬᠦᠰᠬᠡ ᠂ ᠵᠠᠮ ᠦ᠋ᠨ ᠴᠡᠷᠢᠭ ᠪᠦᠬᠡᠬᠡᠨᠡᠵᠤ ᠂ ᠦᠷᠬᠦᠭᠡ ᠶ᠋ᠢ ᠨᠢ ᠪᠠᠷᠢᠵᠤ ᠪᠡᠶ᠋ᠢᠯᠠ ᠃ ᠰᠠᠶᠢᠬᠠᠨ ᠠᠪᠤᠭᠰᠠᠨ ᠲᠤᠰᠢᠶᠠᠯ ᠶ᠋ᠢᠠᠨ ᠪᠣᠲᠤᠭᠠᠳ ᠡᠭᠦᠨ ᠊ᠢ ᠡᠷᠬᠢᠴᠡᠭᠦᠯᠪᠠᠰᠦ ᠶᠡᠬᠡ ᠴᠡᠷᠢᠭ ᠡᠨᠲᠡ ᠪᠡᠨ ᠬᠡᠲᠦ ᠬᠣᠨᠣᠭ ᠲᠤᠭᠯᠠᠨ᠎ᠠ ᠬᠡᠵᠤ ᠦᠵᠡᠬᠦ ᠳ᠋ᠦ᠍ ᠡᠨᠳᠡᠭᠦᠷᠡᠭᠰᠡᠨ ᠦᠭᠡᠢ ᠠᠵᠢ ᠭᠡᠮᠡᠨ ᠱᠠᠮᠲᠠᠠᠭᠠᠢ ᠪᠤᠲᠤᠭᠰᠠᠭᠠᠷ ᠶᠠᠪᠤᠬᠤ ᠴᠡᠷᠢᠭ ᠦ᠋ᠨ ᠬᠠᠷ᠎ᠠ ᠰᠦᠯᠲᠡ ᠂ ᠰᠦᠪᠡᠭᠡᠲᠡᠢ ᠪᠠᠭᠠᠲᠤᠷ ᠦ᠋ᠨ ᠠᠬᠠᠷ ᠲᠤᠭ ᠊ᠢ ᠵᠦᠪ ᠨᠢᠭᠡᠨᠲᠡ ᠲᠤᠭᠤᠷᠢᠵᠤ ᠂ ᠠᠵᠢᠯ ᠦᠢᠯᠡᠰ ᠶ᠋ᠢᠡᠨ ᠲᠠᠭᠠᠤᠠᠬᠠ ᠰᠢᠪᠰᠢᠬᠡᠳ ᠵᠦᠷᠢᠬ ᠰᠢᠯᠤᠭᠤᠲᠠᠨ ᠪᠠᠷᠲᠡᠢ ᠰᠡᠴᠡᠨ ᠪ ᠠᠰᠠᠷ ᠦ᠋ᠨ ᠵᠦᠭ ᠠᠯᠠᠬᠤᠯᠠ ᠃ ᠠᠯᠲᠡᠢ ᠶ᠋ᠢᠨ ᠲᠦᠩᠬᠡᠵᠤ ᠠᠷᠤ ᠠ᠋ᠴᠠ ᠡᠨᠡ ᠴᠡᠷᠢᠭ ᠲᠦ ᠨᠡᠢᠯᠡᠭᠰᠡᠨ ᠪᠠᠷᠲᠡᠢ ᠰᠡᠴᠡᠨ ᠲᠠᠨᠢᠯ ᠴᠦᠬᠡᠨ ᠲᠡᠢ ᠲᠤᠯᠠ ᠨᠣᠶᠠᠳ ᠊ᠢ ᠲᠠᠲᠠᠬᠤ ᠶ᠋ᠢᠨ ᠲᠤᠯᠠᠲᠠ ᠦᠶ᠎ᠡ ᠦᠶ᠎ᠡ ᠭᠡᠳᠡᠭ ᠲᠡᠶ᠋ᠢᠯᠠᠯᠠᠬ᠋ᠠ ᠶ᠋ᠢᠨ ᠶ᠋ᠢᠡᠨ ᠨᠢᠭᠡ ᠢ ᠯᠠ ᠡᠬᠢᠯᠡᠴᠢᠬᠡᠭᠡᠳ ᠪᠡᠶ᠋ᠢᠪᠠ ᠃
— ᠪᠢ ᠲᠡᠭᠦᠨ ᠪ ᠰᠠᠶ᠋ᠢᠨ ᠊ᠢ ᠨᠢᠲᠦ ᠪᠡᠷ ᠡᠰᠡ ᠦᠵᠡᠯ᠎ᠡ ᠃ ᠶᠠᠮᠠᠷ ᠪᠤᠯᠪᠠᠴᠤ ᠡᠨᠡ ᠬᠦᠪᠤᠭᠡ ᠭᠤᠣᠯ ᠦ᠋ᠨ ᠴᠢᠭᠢᠭᠲᠦ ᠬᠦᠷᠤᠰᠤᠨ ᠳ᠋ᠦ᠍ ᠪᠦᠲᠤᠨ ᠬᠠᠭᠠᠰ ᠡᠲᠦᠷ ᠨᠤᠶ᠋ᠢᠷᠮᠤᠭᠯᠠᠵᠤ ᠦᠨᠵᠢᠬᠦ ᠶ᠋ᠢ ᠨᠢ ᠦᠵᠡᠪᠡᠯ ᠡᠵᠡᠨ ᠪ ᠪᠡᠨ ᠵᠠᠷᠯᠢᠬ ᠊ᠢ ᠬᠤᠭᠤᠯᠵᠤ ᠂ ᠨᠤᠭᠤᠯᠵᠤ ᠴᠤ᠌ ᠴᠢᠲᠠᠬᠤ ᠡᠷ᠎ᠡ ᠮᠡᠲᠦ ᠰᠠᠨᠠᠭᠲᠠᠨ᠎ᠠ ᠭᠡᠵᠦ ᠪᠠᠷᠲᠡᠢ ᠰᠡᠴᠡᠨ ᠦᠨᠲᠤᠷ ᠲᠠᠭᠤ ᠪᠠᠷ ᠦᠬᠦᠯᠡᠪᠡ ᠃
— ᠴᠢ ᠦᠨᠡᠭᠡᠷ ᠰᠠᠢᠨ ᠲᠠᠷᠠᠰᠤ ᠲᠠᠢ ᠶᠤᠮ ᠭᠡᠵᠤ ᠪᠠᠯᠳᠠᠭᠠᠷ ᠪᠡᠶ᠎ᠡ ᠲᠠᠢ
ᠵᠠᠭᠤᠳᠠᠨ ᠲᠠᠮᠰᠢᠶᠠᠯᠠᠨ ᠬᠡᠯᠡᠭᠡᠳ ᠵᠠᠯᠢᠷᠬᠠᠭᠤ ᠮᠦᠰᠢᠶᠠᠵᠤ᠂
— ᠬᠠᠷᠢᠨ ᠠᠮᠠ ᠶ᠋ᠢ ᠴᠢᠨᠢ ᠡᠰᠡ ᠮᠡᠳᠡᠯ᠎ᠡ᠃ ᠪᠦᠲᠦᠨ ᠴᠠᠭ ᠢᠶᠠᠷ ᠰᠥᠪᠡᠭᠡᠳᠡᠢ ᠶ᠋ᠢ ᠮᠠᠭᠤᠯᠠᠪᠠ᠃ ᠵᠦᠴᠢ ᠬᠠᠭᠠᠨ ᠬᠦᠦ ᠢᠯᠡᠭᠡᠭᠰᠡᠨ ᠭᠡᠳᠡᠭ ᠢ ᠴᠢᠨᠢ ᠡᠰᠡ ᠪᠣᠳᠣᠯᠴᠠᠪᠠᠰᠤ ᠡᠷᠬᠡ ᠦᠭᠡᠢ ᠰᠡᠵᠢᠭᠯᠡᠮᠡᠷ ᠬᠦᠮᠦᠨ ᠠᠵᠤᠭᠤ ᠭᠡᠬᠦ ᠳ᠋ᠦ᠍ ᠵᠤᠵᠠᠭᠠᠨ ᠢᠰᠡᠭᠡᠢ ᠲᠣᠬᠣᠢᠯᠳᠠᠨ
ᠦᠨᠳᠤᠷ ᠰᠢᠯᠪᠢ ᠲᠠᠢ ᠴᠣᠮᠣ ᠶ᠋ᠢ ᠭᠠᠷ ᠲᠠᠭᠠᠨ ᠡᠷᠭᠢᠯᠳᠤᠭᠦᠯᠤᠨ ᠰᠣᠨᠢᠷᠬᠠᠵᠤ ᠰᠠᠭᠤᠭᠰᠠᠨ
ᠡᠪᠤᠭᠡᠵᠢᠶᠡᠷ ᠵᠠᠭᠤᠳᠠᠨ᠄
— ᠶᠠᠷᠢᠬᠤ ᠭᠡᠳᠡᠭ ᠴᠤ᠌ ᠬᠢᠬᠦ ᠪᠢᠰᠢ ᠃ ᠶᠠᠭᠤ ᠶ᠋ᠢ ᠨᠢ ᠬᠣᠣᠷᠲᠠᠢ ᠪᠠᠢᠬᠤ ᠪᠤᠢ᠃ ᠰᠣᠨᠣᠰᠴᠤ ᠰᠠᠭᠤᠬᠤ ᠳ᠋ᠦ᠍ ᠶᠡᠷᠦ ᠬᠣᠷᠣᠮᠵᠢ ᠦᠭᠡᠢ ᠭᠡᠳ ᠵᠣᠷᠢᠭᠤᠳᠠ ᠲᠡᠭᠡᠨ᠎ᠡ ᠤᠤ ᠭᠡᠯᠳᠡᠢ ᠰᠦᠷᠳᠡᠢ ᠡᠪᠰᠢᠶᠡᠪᠡ᠃ ᠪᠡᠷᠳᠡᠢ ᠰᠡᠴᠡᠨ
ᠬᠦᠮᠤᠰᠬᠡ ᠵᠠᠩᠭᠢᠳᠤᠨ ᠬᠠᠷᠢᠭᠤ ᠬᠡᠯᠡᠶ᠎ᠠ ᠭᠡᠳᠡᠯ᠎ᠡ
ᠠᠰᠠᠷ ᠤᠨ ᠡᠭᠦᠳᠡ ᠵᠦᠬᠡᠯᠡᠨ ᠰᠡᠬᠦᠭᠳᠡᠵᠦ᠂ ᠭᠤᠸᠠᠯᠢᠭ ᠨᠢᠷᠤᠭᠤ ᠲᠠᠢ ᠴᠡᠷᠢᠭ ᠦᠨ ᠡᠷ᠎ᠡ ᠣᠷᠣᠵᠤ
ᠢᠷᠡᠯ᠎ᠡ᠃ ᠲᠠᠭᠠᠷᠠᠤᠬᠠᠨ ᠥᠷᠭᠡᠨ ᠬᠦᠮᠤᠰᠬᠡᠨ
ᠲᠤᠤᠷ᠎ᠠ ᠡᠴᠡ ᠨᠢ ᠬᠣᠨᠢᠨ ᠪᠣᠷᠣ ᠨᠢᠳᠤ ᠲᠦᠯᠭᠡᠬᠡᠨ ᠭᠡᠷᠡᠯᠲᠦᠭᠰᠡᠨ ᠂ ᠰᠡᠪᠬᠡ ᠲᠠᠢ ᠬᠦᠷᠡᠩ ᠴᠢᠷᠡᠢ ᠲᠠᠢ᠂ ᠰᠢᠨᠳᠠᠭᠠᠷᠳᠠᠭᠤ ᠪᠣᠭᠣᠨᠢ ᠬᠠᠮᠠᠷ ᠲᠠᠢ
ᠲᠡᠷᠡ ᠵᠠᠯᠠᠭᠤ ᠴᠡᠷᠢᠭ᠂ ᠨᠣᠶᠠᠳ ᠢ ᠨᠢᠭᠡᠨᠳᠡ ᠲᠣᠭᠣᠷᠢᠭᠤᠯᠤᠨ ᠬᠠᠷᠠᠬᠰᠠᠨ ᠢᠶᠠᠨ ᠪᠠᠷᠳᠡᠢ ᠰᠡᠴᠡᠨ ᠦ
ᠡᠮᠤᠨ᠎ᠡ ᠣᠴᠢᠵᠤ᠂ ᠦᠷᠤᠭᠡᠰᠤᠨ
ᠡᠪᠤᠳᠤᠭ᠌ ᠢᠶᠠᠷ ᠢᠶᠠᠨ ᠰᠦᠭᠦᠷᠡᠨ ᠶᠣᠰᠣᠯᠠᠭᠠᠳ᠄
— ᠪᠢ ᠲᠦᠷᠪᠡᠳ ᠦᠨ ᠱᠠᠮᠳᠠᠭᠠᠢ ᠪᠦᠯᠤᠭᠡ᠃ ᠰᠦᠪᠡᠭᠡᠳᠡᠢ
ᠪᠠᠭᠠᠳᠣᠷ ᠨᠠᠮᠠᠶ᠋ᠢ ᠲᠠᠨ ᠳᠤ ᠲᠤᠰᠢᠶᠡᠯᠡ᠃ ᠰᠡᠴᠡᠨ ᠲᠠ ᠨᠠᠮᠠᠶ᠋ᠢ ᠲᠤᠤᠷ᠎ᠠ ᠪᠠᠨ ᠪᠠᠬᠳᠠᠭᠠᠬᠤ ᠠᠪᠠᠰᠤ ᠢᠯᠳᠤ ᠶᠢ ᠲᠠᠨᠢ ᠠᠷᠴᠢᠵᠤ᠂
ᠡᠮᠡᠭᠡᠯ ᠢ ᠲᠠᠨᠢ ᠵᠠᠰᠠᠰᠤᠭᠠᠢ᠃ ᠤᠯᠤᠬᠰᠠᠨ ᠢ ᠲᠠᠨᠢ ᠤᠭᠤᠳᠠᠯᠠᠵᠤ᠂ ᠤᠷᠤᠭᠠᠯᠠᠬᠰᠠᠨ ᠢ ᠲᠠᠨᠢ
ᠪᠠᠷᠢᠵᠤ ᠥᠭᠰᠦᠭᠡᠢ᠃ ᠲᠠᠭᠠᠯᠠᠵᠤ ᠰᠣᠶᠣᠷᠬ᠎ᠠ
ᠭᠡᠮᠡᠨ ᠥᠴᠢᠪᠡ᠃ ᠪᠠᠷᠳᠡᠢ ᠰᠡᠴᠡᠨ ᠲᠡᠭᠦᠨ ᠢ
ᠲᠣᠭᠣᠮᠵᠢᠷ ᠦᠭᠡᠢ ᠰᠢᠷᠪᠢᠭᠡᠳ᠂ ᠨᠣᠶᠠᠳ ᠤᠨ ᠵᠦᠭ ᠬᠠᠨᠳᠤᠵᠤ᠄
— ᠦᠴᠤᠭᠡᠨ ᠨᠠᠮᠠᠶ᠋ᠢ ᠭᠡᠢᠭᠦᠯᠤᠨ ᠮᠤᠷᠢᠯᠠᠬᠰᠠᠨ ᠳᠤ ᠲᠠᠯᠠᠷᠬᠠᠵᠤ᠂ ᠡᠨᠡ ᠬᠤᠨᠳᠠᠭ᠎ᠠ ᠪᠠᠷ
ᠰᠡᠳᠬᠢᠯ ᠢᠶᠡᠨ ᠢᠯᠡᠳᠬᠡᠨ᠎ᠡ ᠬᠡᠮᠡᠭᠰᠡᠨ ᠳᠦ ᠨᠣᠶᠠᠳ
ᠬᠠᠷᠢᠭᠤ ᠲᠠᠯᠠᠷᠬᠠᠨ ᠴᠣᠮᠣ ᠪᠠᠨ ᠬᠣᠭᠣᠰᠤᠯᠠᠭᠠᠳ ᠴᠤᠪᠤᠨ ᠭᠠᠷᠴᠠᠭᠠᠯ᠎ᠠ᠃ ᠲᠡᠳᠡ ᠭᠠᠷᠴᠤ᠂ ᠨᠡᠯᠢᠶᠡᠳ ᠬᠤᠯᠠᠳᠠᠬᠰᠠᠨ ᠢᠶᠠᠨ ᠪᠠᠯᠳᠠᠭᠠᠷ ᠵᠠᠭᠤᠳᠠᠨ ᠪᠠᠷᠳᠡᠢ ᠶᠢᠨ ᠠᠰᠠᠷ ᠤᠨ
ᠵᠦᠭ ᠡᠷᠭᠢᠵᠤ ᠬᠠᠷᠠᠭᠠᠳ ᠨᠥᠭᠥᠭᠡ ᠬᠣᠶᠠᠷ
ᠲᠠᠭᠠᠨ᠄
— ᠡᠨᠡ ᠡᠲᠦᠷ ᠦ᠋ᠨ ᠶᠠᠪᠤᠲᠠᠯ ᠊ᠢ ᠲᠠ ᠬᠣᠶᠠᠷ ᠶᠠᠭᠤ ᠭᠡᠵᠦ ᠪᠣᠲᠣᠨ᠎ᠠ ᠪᠤᠢ ? ᠪᠢᠲᠡ ᠲᠤᠰ ᠲᠤᠰ ᠦ᠋ᠨ ᠴᠡᠷᠢᠭ ᠦ᠋ᠨ ᠪᠠᠭᠤᠲᠠᠯ ᠤᠷᠤᠭᠤ ᠣᠤᠠᠬᠤ ᠨᠢ ᠵᠥᠪ ᠤᠤ ? ᠡᠰᠡᠪᠡᠯ ᠬᠠᠮᠲᠤ ᠪᠠᠷ ᠰᠥᠪᠡᠭᠡᠲᠡᠢ ᠪᠠᠭᠠᠲᠤᠷ ᠲᠦ ᠪᠠᠷᠠᠯᠬᠠᠬᠤ ᠨᠢ ᠵᠥᠪ ᠤᠤ ? ᠭᠡᠪᠡᠯ ᠂ ᠡᠪᠰᠢᠶᠡᠭᠡᠳ ᠪᠠᠶ᠋ᠢᠬᠰᠠᠨ ᠡᠪᠦᠭᠡᠵᠢᠶᠡᠷ ᠡᠷ᠎ᠡ ᠄
— ᠪᠢᠲᠡ ᠶᠠᠮᠠᠷ ᠬᠡᠯᠡᠮᠦᠷᠴᠢ ᠵᠠᠩᠰᠢᠯᠠᠭᠠᠴᠢ ᠪᠢᠰᠢ ᠂ ᠥᠭᠡ ᠵᠥᠭᠡᠭᠡᠬᠦ ᠨᠢ ᠶᠣᠰᠣ ᠪᠤᠰᠤ ᠃ ᠪᠢᠲᠡᠨ ᠊ᠢ ᠶᠠᠷᠢᠯᠴᠠᠵᠤ ᠪᠠᠶ᠋ᠢᠬᠤ ᠳ᠋ᠦ᠍ ᠠᠰᠠᠷ ᠦ᠋ᠨ ᠭᠠᠲᠠᠨ᠎ᠠ ᠬᠣᠶᠠᠷ ᠴᠤ᠌ ᠤᠲᠠᠬ᠋᠎ᠠ ᠬᠥᠮᠥᠨ ᠦᠢᠷᠠᠤᠠᠴᠤ ᠢᠷᠡᠬᠦ ᠶ᠋ᠢ ᠪᠢ ᠮᠡᠳᠡᠭᠰᠡᠨ ᠃ ᠬᠣᠷᠴᠢᠨ ᠬᠡᠪᠲᠡᠭᠦᠯ ᠦ᠋ᠳ ᠯᠠ ᠴᠢᠩᠨᠡᠵᠤ ᠶᠠᠪᠤᠭᠰᠠᠨ ᠠ᠋ᠴᠠ ᠵᠠᠶ᠋ᠢᠯᠠᠬᠤ ᠥᠭᠡᠢ ᠃ ᠪᠢᠲᠡ ᠬᠡᠯᠡᠯᠴᠡᠭᠰᠡᠨ ᠪᠤᠰᠤ ᠂ ᠲᠡᠷᠡ ᠯᠠ ᠶᠠᠷᠢᠵᠤ ᠪᠠᠶ᠋ᠢᠬᠰᠠᠨ ᠊ᠢ ᠡᠵᠡᠨ ᠢᠯᠭᠠᠵᠤ ᠰᠠᠯᠭᠠᠬᠤ ᠪᠠᠨ ᠠᠨᠲᠠᠬᠤ ᠦᠭᠡᠢ᠃ ᠲᠡᠭᠡᠭᠡᠳ ᠴᠤ᠌ ᠪᠠᠰᠠ ᠡᠶ᠋ᠢᠮᠦ ᠬᠡᠷᠡᠭ ᠊ᠢ ᠳᠠᠭᠠᠳᠠᠭ ᠳᠣᠲᠣᠭᠠᠳᠤ ᠦᠢᠯᠡ ᠶ᠋ᠢᠨ ᠴᠠᠷᠪᠢ ᠨᠠᠷ ᠪᠣᠢ ᠰᠢᠣ ᠳ᠋ᠠ ᠭᠡᠵᠡᠢ ᠃
— ᠪᠠᠷᠲᠠᠢ ᠰᠡᠴᠡᠨ ᠪ ᠥᠭᠡ ᠂ ᠰᠠᠨᠠᠬ᠋᠎ᠠ ᠬᠣᠶᠠᠷ ᠨᠡᠶ᠋ᠢᠯᠡᠬᠦ ᠡᠰᠡᠬᠦ ᠶ᠋ᠢ ᠪᠢᠲᠡ ᠪᠠᠲᠤᠯᠠᠨ ᠬᠡᠯᠡᠵᠦ ᠮᠡᠲᠡᠬᠦ ᠦᠭᠡᠢ᠃ ᠰᠠᠶᠢ ᠦᠵᠡᠪᠡᠯ ᠰᠥᠪᠡᠭᠡᠲᠡᠢ ᠪᠠᠭᠠᠲᠤᠷ ᠲᠡᠭᠦᠨ ᠳ᠋ᠦ᠍ ᠬᠠᠶ᠋ᠢᠷᠠᠲᠠᠢ ᠲᠤᠭᠴᠢ ᠪᠠᠨ ᠬᠥᠲᠥᠴᠢ ᠪᠣᠯᠭᠠᠨ ᠢᠯᠡᠭᠡᠵᠡᠢ᠃ ᠡᠶ᠋ᠢᠮᠦᠷᠬᠦ ᠨᠢᠭᠤᠴᠠ ᠳᠠᠯᠳᠠ᠂ ᠦᠯᠦ ᠲᠠᠭᠠᠭᠲᠠᠬᠤ ᠥᠢᠯᠡᠨ ᠳ᠋ᠦ᠍ ᠪᠢᠲᠡ ᠭᠤᠷᠪᠠ ᠯᠠᠪ ᠢᠯᠡᠭᠦᠲᠡᠨᠡ᠃ ᠡᠨᠡ ᠬᠥᠮᠦᠨ ᠪᠣᠯ ᠮᠡᠷᠭᠢᠳ ᠦ᠋ᠨ ᠬᠣᠲᠣ ᠂ ᠴᠢᠯᠠᠭᠤᠨ ᠨᠠᠷ ᠦ᠋ᠨ ᠪᠠᠷ᠎ᠠ ᠶ᠋ᠢ ᠲᠠᠩᠲᠠᠬᠤ ᠪᠠᠷ ᠰᠥᠪᠡᠭᠡᠲᠡᠢ ᠶ᠋ᠢᠨ ᠴᠡᠷᠢᠭ ᠦ᠋ᠨ ᠮᠠᠩᠯᠠᠢ ᠳ᠋ᠦ᠍ ᠭᠠᠷᠴᠣ᠂ ᠡᠨᠡ ᠭᠠᠵᠠᠷ ᠲᠦ ᠬᠠᠮᠤᠭ ᠦ᠋ᠨ ᠲᠡᠷᠢᠭᠦᠨ ᠳ᠋ᠦ᠍ ᠢᠷᠡᠭᠰᠡᠨ ᠨᠥᠭᠦᠭᠡ ᠠᠷᠭᠠᠴᠢ ᠨᠣᠶᠠᠨ ᠪᠠᠶ᠋ᠢᠪᠠ᠃ ᠪᠦᠭᠦᠲᠡ ᠠᠷᠭᠠᠴᠢ ᠶ᠋ᠢᠨ ᠥᠭᠡ ᠶ᠋ᠢ ᠵᠥᠪᠰᠢᠶᠡᠵᠦ᠂ ᠲᠤᠰ ᠲᠤᠰ ᠦ᠋ᠨ ᠵᠠᠭᠤᠲᠤ ᠤᠷᠤᠭᠤ ᠪᠠᠨ ᠣᠲᠤᠯᠠ᠃ ᠡᠨᠡ ᠵᠠᠭᠤᠷ᠎ᠠ ᠪᠠᠷᠲᠠᠢ ᠰᠡᠴᠡᠨ ᠱᠠᠮᠲᠠᠭᠠᠢ ᠶ᠋ᠢ ᠬᠡᠲᠦ ᠭᠣᠷᠪᠠᠨ ᠥᠭᠡ ᠪᠡᠷ ᠳᠠᠩᠰᠠᠨ ᠠᠰᠠᠭᠤᠭᠠᠳ ᠬᠥᠲᠥᠴᠢ ᠪᠤᠯᠬᠤ ᠶ᠋ᠢ ᠳᠠᠷᠤᠢ ᠵᠥᠪᠰᠢᠶᠡᠷᠡᠪᠡ᠃
— ᠳᠥᠷᠪᠡᠳ ᠮᠢᠨᠢ᠂ ᠣᠲᠣ ᠴᠢᠨᠦ ᠲᠤᠭᠴᠢ ᠪᠠᠶ᠋ᠢᠬᠰᠠᠨ ᠪ ᠭᠠᠪᠢᠶ᠎ᠠ ᠶᠡᠷᠦ ᠬᠠᠮᠢᠶ᠎ᠠ ᠦᠭᠡᠢ ᠪᠣᠯᠪᠠ᠃ ᠤᠴᠢᠷ ᠡᠶ᠋ᠢᠮᠦ ᠳ᠋ᠦ᠍ ᠡᠬᠢᠯᠡᠭᠡᠳ ᠮᠢᠨᠦ ᠪᠠᠶ᠋ᠢᠯᠲᠤᠭᠠᠨ ᠪ ᠬᠤᠶᠠᠭ᠂ ᠵᠡᠪᠰᠡᠭ ᠊ᠢ ᠭᠠᠷᠭᠠᠨ ᠥᠩᠭᠡᠯᠡᠵᠦ ᠠᠷᠴᠢᠬᠲᠤᠨ᠃ ᠡᠨᠡ ᠤᠤᠯᠢᠬᠠᠢ ᠤᠷᠢᠶᠠᠩᠬᠠᠢ ᠶ᠋ᠢ ᠳᠠᠭᠠᠵᠤ᠂ ᠵᠢᠩ ᠦ᠋ᠨ ᠨᠣᠬᠠᠢ ᠮᠡᠲᠦ ᠠᠭᠠᠬᠢᠯᠠᠭᠰᠠᠭᠠᠷ ᠰᠡᠯᠡᠮ᠎ᠡ ᠮᠢᠨᠢ ᠴᠤ᠌ ᠵᠢᠪᠡᠷᠡᠬᠦ ᠰᠢᠭ᠌ ᠪᠣᠯᠤᠯ᠎ᠠ᠃ ᠪᠢ ᠪᠣᠷᠣ ᠳᠠᠷᠠᠰᠤᠨ ᠳ᠋ᠦ᠍ ᠶᠠᠯᠢ ᠥᠬᠡᠢ ᠬᠦᠯᠴᠥᠭᠥᠷᠭᠡᠪᠡ᠃ ᠣᠳᠣ᠌ ᠤᠨᠲᠠᠰᠤᠭᠠᠢ᠃ ᠦᠲᠡ ᠶ᠋ᠢᠨ ᠬᠣᠭᠣᠯᠠ ᠪᠣᠯᠭᠠᠭᠠᠳ ᠳᠠᠭᠤᠳᠠᠭᠠᠷᠠᠢ ᠭᠡᠵᠦ ᠪᠠᠷᠲᠠᠢ ᠰᠡᠴᠡᠨ ᠲᠤᠰᠢᠶᠠᠭᠠᠳ ᠡᠮᠡᠭᠡᠯ ᠶ᠋ᠢᠡᠨ ᠲᠠᠲᠠᠨ ᠬᠠᠰᠢ ᠶᠠᠰᠢ ᠳᠡᠷᠡᠯᠡᠮᠡᠭᠴᠡ ᠦᠨᠡᠬᠡᠷ ᠳᠣᠣᠷᠠᠬᠠᠨ ᠶ᠋ᠢᠠᠨ ᠬᠤᠷᠬᠢᠷᠠᠭᠠᠳ ᠥᠭᠴᠡᠢ᠃
ᠱᠠᠮᠲᠠᠭᠠᠢ ᠤᠷᠲᠤ ᠪᠠᠷ ᠰᠠᠨᠠᠭ᠎ᠠ ᠠᠯᠳᠠᠭᠰᠠᠨ ᠵᠢᠠᠨ ᠠᠭᠰᠠᠷᠭ᠎ᠠ ᠪᠠᠨ ᠲᠠᠶ᠋ᠢᠯᠤᠨ ᠠᠰᠠᠷ ᠊ᠤᠨ ᠲᠤᠯᠤᠭᠠᠰᠤᠨ ᠳ᠋ᠡᠬᠢ ᠭᠣᠬᠠᠨ ᠠ᠋ᠴᠠ ᠡᠯᠭᠦᠭᠡᠳ ᠰᠢᠨ᠎ᠡ ᠠᠯᠪᠠᠨ ᠳ᠋ᠠᠭᠠᠨ ᠰᠢᠮᠳᠠᠨ ᠣᠷᠣᠪᠠ᠃ ᠪᠠᠷᠲᠠᠢ ᠰᠡᠴᠡᠨ ᠦᠨᠡᠭᠡᠷ ᠢᠵᠠᠭᠤᠷᠲᠠᠨ ᠨᠡᠷ᠎ᠡ ᠳ᠋ᠡᠭᠡᠨ ᠳ᠋ᠦ᠋ᠢᠬᠦ ᠡᠳ᠋ᠯᠡᠯ ᠬᠡᠷᠡᠭᠯᠡᠳᠡᠭ ᠬᠦᠮᠦᠨ ᠪᠣᠯᠣᠯᠲᠠᠢ᠃ ᠬᠣᠶᠠᠷ ᠬᠤᠶᠠᠭ ᠪᠠᠶ᠋ᠢᠭᠰᠠᠨ ᠊ᠤ ᠨᠢᠭᠡ ᠨᠢ ᠵᠢᠩᠬᠢᠨᠢ ᠭᠠᠩ ᠬᠤᠶᠠᠭ ᠪᠠᠶ᠋ᠢᠪᠠ᠃ ᠳᠠᠯᠠᠪᠴᠢ ᠪᠣᠯᠭᠠᠨ ᠊ᠢ ᠮᠥᠩᠭᠥᠨ ᠤᠲᠠᠰᠤ ᠪᠠᠷ ᠲᠣᠪᠯᠠᠭᠰᠠᠨ ᠲᠡᠷᠡ ᠬᠤᠶᠠᠭ ᠊ᠢ ᠶᠠᠮᠠᠷ ᠴᠤ᠌ ᠶᠡᠬᠡᠰ ᠵᠡᠭᠦᠯ᠎ᠡ ᠴᠤ᠌ ᠭᠡᠰᠡᠨ ᠭᠤᠨᠳᠠᠬᠤ ᠪᠡᠷ ᠦᠭᠡᠢ ᠡᠳ᠋ ᠶᠤᠮ᠃ ᠨᠥᠭᠥᠭᠡ ᠨᠢ ᠲᠤᠰᠤ ᠨᠡᠪᠴᠢᠭᠦᠯᠵᠦ᠂ ᠵᠦᠢᠭᠰᠡᠨ ᠬᠥᠩᠭᠡᠨ ᠬᠤᠯᠤᠰᠤᠨ ᠬᠤᠶᠠᠭ᠃ ᠡᠨᠡ ᠡᠳ᠋ ᠭᠠᠯ ᠳ᠋ᠤ᠌ ᠯᠡ ᠶᠡᠬᠡ ᠠᠶᠤᠯᠲᠠᠢ᠂ ᠬᠣᠯᠠ ᠵᠢᠨ ᠪᠤᠶᠤ ᠭᠡᠨᠡᠳᠲᠡ ᠵᠢᠨ ᠣᠰᠣᠯ ᠲᠠᠢ ᠠᠶᠠᠨ ᠳ᠋ᠤ᠌ ᠡᠮᠦᠰᠬᠦ ᠳ᠋ᠦ᠍ ᠬᠥᠩᠭᠡᠨ ᠰᠠᠶ᠋ᠢᠨ ᠡᠳ᠋ ᠪᠢᠯᠡ᠃ ᠨᠡᠷ᠎ᠡ ᠪᠡᠨ ᠡᠷᠭᠦᠬᠦ ᠵᠢᠨ ᠲᠤᠯᠠᠳᠠ ᠡᠯ᠎ᠡ ᠬᠣᠶᠠᠷ ᠬᠣᠶᠠᠭ ᠊ᠢ ᠡᠷᠬᠡᠪᠰᠢ ᠲᠣᠬᠢᠷᠠᠬᠤ ᠠᠷᠭ᠎ᠠ ᠪᠠᠷ ᠨᠢ ᠴᠡᠪᠡᠷᠯᠡᠬᠦ ᠶᠤᠰᠤᠲᠠᠢ ᠪᠠᠶ᠋ᠢᠯ᠎ᠠ᠃ ᠱᠠᠮᠲᠠᠭᠠᠢ ᠠᠴᠢᠶ᠎ᠠ ᠤᠷᠤᠭᠤ ᠪᠠᠨ ᠶᠠᠭᠠᠷᠠᠪᠠ᠃ ᠣᠳᠣ ᠨᠢᠭᠡᠨᠲᠡ ᠡᠨᠡ ᠬᠥᠮᠦᠨ ᠲᠡᠢ ᠭᠡᠰᠡᠭ ᠬᠤᠭᠤᠴᠠᠭᠠᠨ ᠳ᠋ᠤ᠌ ᠬᠤᠪᠢ ᠵᠠᠶᠠᠭ᠎ᠠ ᠪᠠᠨ ᠨᠢᠭᠡᠳᠬᠡᠬᠦ ᠶᠤᠰᠤᠲᠠᠢ ᠪᠣᠯᠤᠭᠰᠠᠨ ᠤᠴᠢᠷ ᠂ ᠭᠥᠰᠭᠡ ᠳ᠋ᠤ᠌ ᠪᠠᠶ᠋ᠢᠭᠰᠠᠨ ᠲᠣᠪᠢᠷᠬᠠᠨ ᠬᠦᠨᠡᠰᠦ᠂ ᠪᠣᠭᠣᠳᠠᠯ᠂ ᠰᠤᠮᠤ᠂ ᠵᠡᠪᠡ ᠪᠡᠨ ᠪᠠᠭᠴᠠᠯᠠᠨ ᠠᠪᠴᠤ ᠪᠤᠴᠠᠯ᠎ᠠ᠃ ᠢᠩᠬᠢᠵᠦ ᠨᠣᠪᠰᠢᠷᠠᠵᠤ ᠶᠠᠪᠤᠬᠤ ᠳ᠋ᠠᠭᠠᠨ ᠲᠡᠷᠡ ᠪᠡᠷ ᠬᠦᠷᠢᠶᠡᠨ ᠊ᠦ ᠪᠠᠶ᠋ᠢᠳᠠᠯ ᠨᠢᠭᠡ ᠯᠠ ᠥᠭᠡᠷᠡᠴᠢᠯᠡᠭᠳᠡᠭᠰᠡᠨ ᠮᠡᠳᠦ ᠰᠠᠨᠠᠭᠳᠠᠭᠰᠠᠨ ᠳ᠋ᠤ᠌ ᠭᠠᠶ᠋ᠢᠬᠠᠰᠠᠨ ᠳ᠋ᠠᠭᠠᠨ ᠵᠣᠭ ᠲᠣᠰᠤᠯ᠎ᠠ᠃ ᠡᠬᠢᠯᠡᠭᠡᠳ ᠶᠠᠭᠤ ᠴᠤ᠌ ᠮᠡᠳᠡᠭᠳᠡᠭᠰᠡᠨ ᠦᠭᠡᠢ᠃ ᠭᠢᠯᠪᠠᠯᠵᠠᠭᠰᠠᠨ ᠲᠣᠨᠣᠭ ᠲᠠᠢ᠂ ᠬᠦᠳᠡᠷ ᠲᠡᠮᠦᠷ ᠳᠠᠷᠠᠭ᠎ᠠ ᠤᠭᠰᠠᠷᠠᠭᠠᠲᠠᠢ ᠬᠡᠪ ᠵᠢᠡᠷ ᠵᠢᠡᠨ ᠨᠠᠷᠠᠨ ᠳ᠋ᠤ᠌ ᠭᠢᠯᠪᠠᠯᠵᠠᠵᠤ᠂ ᠠᠷᠪᠠᠲᠤ᠂ ᠵᠠᠭᠤᠲᠤ ᠪᠡᠷ ᠵᠢᠡᠨ ᠲᠢᠭ ᠲᠠᠷᠤᠨ ᠢᠯᠭᠠᠷᠠᠭᠰᠠᠨ ᠠᠰᠠᠷ ᠮᠠᠶ᠋ᠢᠬᠠᠨ ᠨᠤᠭᠤᠳ ᠰᠦᠷᠳᠡᠢ ᠳᠦᠩᠬᠦᠢᠯᠴᠡᠵᠦ᠂ ᠵᠠᠭᠤᠲᠤ ᠮᠢᠩᠭᠠᠲᠤ ᠪᠠᠯᠭᠠᠰᠤᠨ ᠲᠤᠬᠠᠢ ᠬᠢᠭᠢᠷᠢ ᠳᠡᠷᠪᠡᠯᠵᠡᠨ ᠰᠡᠷᠪᠡᠯᠵᠡᠨ᠎ᠡ᠃ ᠬᠥᠯ ᠬᠥᠳᠡᠯᠭᠡᠭᠡᠡ ᠶᠡᠬᠡᠲᠡᠭᠡ ᠊ᠤᠤ? ᠦᠳᠡ ᠵᠢᠨ ᠵᠣᠭᠣᠭ ᠪᠡᠯᠡᠳᠬᠡᠬᠦ ᠴᠠᠭ ᠪᠣᠯᠬᠤ ᠪᠠᠷ ᠡᠶ᠋ᠢᠮᠦ ᠴᠤ᠌ ᠪᠠᠶ᠋ᠢᠯᠭᠦᠢ ᠶᠠᠭᠠᠬᠢᠬᠤ ᠪᠣᠢ᠃ ᠪᠠᠶ᠋ᠢᠵᠠ? ᠱᠠᠮᠲᠠᠭᠠᠢ ᠰᠠᠶᠢ ᠯᠠ ᠤᠴᠢᠷ ᠊ᠢ ᠤᠬᠠᠯ᠎ᠠ᠃ ᠲᠡᠭᠦᠨ ᠡᠴᠡ ᠬᠣᠯᠠ ᠦᠭᠡᠢ ᠮᠠᠶ᠋ᠢᠬᠠᠨ ᠳ᠋ᠤ᠌ ᠡᠮᠦᠨ᠎ᠡ ᠤᠷᠲᠤ ᠡᠷᠢᠶᠡᠨ ᠳᠡᠪᠡᠯ ᠲᠡᠢ ᠴᠠᠯᠮ᠎ᠠ ᠣᠷᠢᠶᠠᠭᠰᠠᠨ ᠡᠪᠦᠭᠡᠨ ᠵᠣᠭᠰᠣᠭᠠᠳ ᠡᠶ᠋ᠢᠰᠢ ᠲᠡᠶ᠋ᠢᠰᠢ ᠪᠠᠨ ᠲᠤᠩ ᠴᠤ᠌ ᠨᠠᠶ᠋ᠢᠷᠰᠠᠭ ᠮᠡᠬᠦᠯᠵᠡᠬᠦ ᠵᠠᠭᠤᠷ᠎ᠠ᠂ ᠴᠠᠭᠠᠨ ᠪᠦᠲᠡᠭᠡᠯᠭᠡ ᠲᠡᠢ ᠰᠠᠭᠰᠤᠨ ᠡᠴᠡ ᠪᠠᠬᠴᠠ ᠪᠠᠭᠴᠠ ᠪᠠᠷ ᠤᠰᠤᠨ ᠦᠵᠦᠮ ᠭᠠᠷᠭᠠᠨ ᠪᠠᠷᠠᠭᠤᠨ ᠰᠣᠯᠣᠭᠠᠢ ᠦᠭᠡᠢ ᠠᠷᠠᠯᠵᠢᠵᠤ ᠪᠠᠶ᠋ᠢᠭ᠎ᠠ ᠬᠠᠷᠠᠭᠳᠠᠨ᠎ᠠ᠃ ᠨᠢᠭᠡ ᠯᠠ ᠪᠢᠰᠢ ᠳ᠋ᠠ ᠭᠡᠵᠦ ᠪᠣᠳᠣᠭᠰᠠᠨ ᠱᠠᠮᠲᠠᠭᠠᠢ᠂ ᠪᠠᠷᠲᠠᠢ ᠰᠡᠴᠡᠨ ᠊ᠦ ᠠᠰᠠᠷ ᠲᠤ᠌ ᠡᠬᠡᠵᠦ ᠢᠷᠡᠪᠡᠯ ᠡᠵᠡᠨ ᠨᠢ ᠤᠨᠳᠠᠭᠰᠠᠭᠠᠷ ᠯᠠ ᠪᠠᠶ᠋ᠢᠯ᠎ᠠ᠃
ᠰᠢᠷᠦᠭᠦᠠ ᠬᠥᠬᠡ ᠴᠠᠮᠪᠡ ᠪᠡᠷ ᠳᠠᠪᠲᠠᠮᠠᠯ ᠬᠤᠶᠠᠭ ᠢ ᠵᠦᠯᠭᠦᠵᠦ ᠂ ᠰᠢᠷ᠎ᠠ ᠲᠣᠰᠣᠠ ᠳ᠋ᠤ᠌ ᠳᠦᠷᠦᠭᠰᠡᠨ ᠵᠥᠭᠡᠯᠡᠨ ᠪᠥᠰ ᠶ᠋ᠢᠡᠷ ᠬᠣᠯᠣᠰᠣᠠ ᠬᠣᠶᠬᠠ ᠢ᠋ ᠨᠢ ᠠᠷᠴᠢᠪᠠ ᠃ ᠪᠠᠰᠠ ᠬᠣᠶᠠᠷ ᠲᠤᠭᠤᠯᠬ᠋ᠠ ᠪᠠᠶ᠋ᠢᠬᠰᠠᠠ ᠢ᠋ ᠭᠠᠷᠭᠠᠵᠤ ᠬᠥᠩᠭᠡᠬᠡᠨ ᠰᠢᠭ᠌ ᠵᠦᠯᠭᠦᠯᠡ ᠃ ᠨᠢᠭᠡ ᠨᠢ ᠤᠯᠠᠭᠠᠨ ᠮᠢᠠᠲᠠᠰᠣᠠ ᠰᠣᠨᠣᠪᠲᠤᠷ ᠲᠠᠢ ᠂ ᠨᠥᠭᠦᠭᠡ ᠨᠢ ᠵᠢᠩᠬᠢᠨᠢ ᠲᠥᠪ ᠣᠲᠣᠬ ᠦ᠋ᠨ ᠳᠠᠷᠬᠠᠴᠤᠤᠯ ᠦ᠋ᠨ ᠬᠢᠴᠡᠲᠡᠢ ᠠᠯᠲᠠᠠ ᠰᠢᠷᠡᠮᠡᠯ ᠳᠤᠭᠤᠯᠠᠬ᠋ᠠ ᠪᠥᠭᠡᠳ ᠰᠦᠪᠡᠭᠡᠲᠠᠢ ᠪᠠᠭᠠᠲᠣᠷ ᠦ᠋ᠨ ᠬᠢ ᠡᠴᠡ ᠭᠣᠶᠣᠮᠰᠤᠭ ᠲᠠᠯ᠎ᠠ ᠪᠠᠷ ᠯᠠ ᠳᠤᠲᠠᠭᠤ ᠠᠵᠢ ᠃ ᠨᠠᠠ ᠵᠠᠭᠤᠷ᠎ᠠ ᠪᠠᠰᠠ ᠪᠣᠭᠣᠨᠢᠬᠠᠨ ᠵᠠᠪᠴᠢᠵᠣ ᠬᠠᠲᠠᠭᠠᠬᠰᠠᠠ ᠬᠠᠷᠠᠭᠠᠠ ᠡᠴᠠ ᠪᠠᠠ ᠠᠪᠴᠤ ᠶᠠᠬ ᠬᠣᠷᠢᠨ ᠨᠢᠭᠡ ᠵᠢ ᠵᠡᠷᠭᠡᠯᠡᠨ ᠠᠰᠠᠭᠠᠵᠤ ᠂ ᠴᠠᠢ ᠴᠢᠨᠠᠭᠠᠳ ᠂ ᠬᠠᠭᠤᠷᠠᠢ ᠰᠦ᠋ ᠪᠡᠷ ᠰᠦᠯᠡᠵᠦ ᠬᠥᠭᠡᠰᠦᠷᠡᠲᠡᠯᠡ ᠰᠠᠮᠤᠷᠤᠨ ᠂ ᠪᠢᠴᠢᠬᠠᠨ ᠵᠡᠰ ᠲᠣᠮᠪᠣᠠ ᠳ᠋ᠦ᠍ ᠶᠡᠭᠦᠯᠡᠭᠡᠳ ᠂ ᠴᠣᠬ ᠢᠶᠠᠨ ᠲᠠᠷᠬᠠᠭᠠᠵᠤ ᠂ ᠳᠡᠭᠡᠷ᠎ᠡ ᠨᠢ ᠵᠢᠩᠨᠡᠵᠦ ᠣᠷᠬᠢᠪᠠ ᠃ ᠴᠢᠩᠬᠢᠬᠡᠳ ᠡᠵᠡᠨ ᠶ᠋ᠢᠡᠨ ᠰᠡᠷᠡᠭᠡᠯ᠎ᠡ ᠃ ᠪᠠᠷᠲᠠᠢ ᠪᠣᠰᠤᠩᠭᠤᠲᠠ ᠪᠠᠠ ᠬᠣᠶᠬᠠ ᠲᠤᠭᠤᠯᠬ᠋ᠠ ᠦᠵᠡᠵᠦ ᠂ ᠰᠡᠤᠠᠬᠢᠯ ᠨᠢ ᠬᠠᠨᠣᠬᠰᠠᠠ ᠪᠣᠯᠤᠯᠲᠠᠢ ᠠᠮᠠᠨ ᠳ᠋ᠠᠭᠠᠨ ᠨᠢᠭᠡ ᠶᠠᠭᠤᠮ᠎ᠠ ᠬᠦᠲᠦᠨᠡᠴᠢᠬᠡᠬᠡᠳ ( ᠠᠷᠠᠢ ᠨᠠᠷᠠᠰᠠᠭ ᠪᠠᠶ᠋ᠢᠬᠰᠠᠠ ᠴᠤ᠌ ᠮᠠᠭᠠᠳ ᠦᠭᠡᠢ ᠂ ᠭᠡᠪᠡᠴᠦ ᠱᠠᠮᠲᠠᠭᠠᠢ ᠳᠤᠷᠠᠮᠵᠢᠬᠠᠨ ᠪᠠᠶ᠋ᠢᠬᠰᠠᠠ ᠢ᠋ ᠪᠢᠲᠡ ᠮᠠᠷᠲᠠᠵᠤ ᠪᠣᠯᠬᠤ ᠦᠭᠡᠢ )᠃
ᠠᠰᠠᠷ ᠦ᠋ᠨ ᠬᠠᠶᠠᠭᠠᠠ ᠡᠴᠠ ᠲᠣᠮᠣ ᠢᠯᠬᠢᠠ ᠪᠣᠬᠴᠣ ᠴᠢᠷᠴᠦ ᠭᠠᠷᠭᠠᠠ ᠳᠡᠯᠭᠡᠬᠦ ᠵᠢ ᠦᠵᠡᠪᠡᠯ ᠠᠶᠠᠭᠠᠨ ᠪ ᠬᠢᠴᠡ ᠪᠠᠶ᠋ᠢᠯ᠎ᠠ ᠃ ᠲᠣᠰᠣ ᠲᠠᠭᠠᠭᠠᠬᠰᠠᠠ ᠬᠤᠷᠤᠳ ᠂ ᠵᠤᠵᠠᠭᠠᠨ ᠥᠷᠥᠮ᠎ᠡ ᠂ ᠡᠭᠡᠴᠡᠬᠡᠢ ᠵᠢ ᠱᠠᠮᠲᠠᠭᠠᠢ ᠶ᠋ᠢᠨ ᠠᠶᠠᠭᠠᠨ ᠳ᠋ᠦ᠍ ᠲᠦᠬᠦᠷᠭᠡᠵᠣ ᠥᠭᠭᠦᠭᠡᠳ ᠂ ᠥᠪᠡᠷ ᠶ᠋ᠢᠡᠨ ᠬᠠᠷᠢᠨ ᠵᠦᠰᠦᠮ ᠪᠢᠰᠢᠯᠠᠬ ᠲᠡᠲᠦᠢ ᠪᠡᠷ ᠬᠢᠵᠠᠭᠠᠷᠯᠠᠪᠠ ᠃
— ᠲᠡ ᠤᠰᠤᠨ ᠦᠵᠦᠮ ᠳ᠋ᠦ᠍ ᠳᠤᠷᠠᠲᠠᠢ ᠶᠤ᠌ ᠭᠡᠵᠦ ᠱᠠᠮᠲᠠᠭᠠᠢ ᠬᠥᠲᠥᠴᠢ ᠶ᠋ᠢᠨ ᠳᠦᠷᠢ ᠭᠠᠷᠭᠠᠬᠤ ᠭᠡᠵᠦ ᠶᠢᠬᠡ ᠯᠠ ᠬᠢᠴᠢᠶᠠᠠ ᠠᠰᠠᠭᠤᠪᠠᠯ ᠪᠠᠷᠲᠠᠢ ᠰᠡᠯᠡᠮ᠎ᠡ ᠰᠢᠭ᠌ ᠮᠠᠲᠢᠭᠠᠷ ᠬᠥᠮᠥᠰᠬᠡ ᠪᠡᠨ ᠣᠬᠴᠣᠮ ᠲᠠᠲᠠᠪᠠᠯᠵᠠᠭᠤᠯᠤᠨ ᠄
— ᠶᠠᠭᠤ ? ᠴᠢ ᠠᠷᠠᠢ ᠮᠦᠰᠯᠢᠮ ᠦ᠋ᠨ ᠲᠣᠰᠬᠣᠨ ᠡᠶᠡᠷ ᠬᠡᠰᠦᠭᠡᠳ ᠢᠷᠡᠭᠰᠡᠨ ᠶᠤᠮ ᠪᠢᠰᠢ ᠪᠢᠵᠡ ᠭᠡᠵᠦ ᠰᠡᠷᠲᠡᠩᠬᠦᠢ ᠪᠠᠲᠠᠴᠢᠪᠠ ᠃
— ᠦᠭᠡᠢ ᠂ ᠦᠭᠡᠢ ᠂ ᠶᠠᠭᠠᠬᠢᠯ᠎ᠠ ᠭᠡᠵᠦ ᠴᠢᠩᠬᠢᠬᠦ ᠪᠤᠢ ? ᠤᠰᠤᠨ ᠦᠵᠦᠮ ᠢ᠋ ᠡᠡᠲᠠ ᠂ ᠨᠠᠠ ᠬᠦᠷᠢᠶᠡᠠ ᠳᠣᠲᠣᠷ᠎ᠠ ᠯᠠ ᠵᠠᠷᠤᠵᠤ ᠪᠠᠶ᠋ᠢᠨ᠎ᠠ ᠰᠢᠦ ᠭᠡᠵᠦ ᠨᠠᠠ ᠤᠲᠠᠬ᠋᠎ᠠ ᠱᠠᠮᠲᠠᠭᠠᠢ ᠳᠦᠷᠢ ᠳ᠋ᠡᠭᠡᠨ ᠨᠡᠯᠢᠶᠡᠳ ᠣᠷᠣᠵᠤ ᠃ ᠵᠢᠰᠦᠷᠲᠡᠩᠭᠣᠢ ᠬᠠᠷᠢᠭᠤᠯᠪᠠ ᠃
— ᠲᠦᠢ ᠂ ᠪᠢᠲᠡ ᠤᠲᠠᠬᠤ ᠦᠭᠡᠢ ᠢᠯᠲᠦ ᠪᠠᠠ ᠣᠷᠬᠢᠭᠠᠳ ᠰᠠᠬᠰᠣ ᠳᠠᠮᠨᠠᠵᠤ ᠭᠦᠶᠦᠬᠦ ᠪᠠᠶ᠋ᠢᠯᠭᠦᠢ ᠭᠡᠵᠦ ᠪᠠᠷᠲᠠᠢ ᠰᠡᠴᠡᠨ ᠲᠤᠩ ᠬᠢᠯᠢᠩᠲᠠᠢ ᠳᠤᠤᠭᠠᠷᠤᠭᠠᠳ ᠴᠠᠢ ᠪᠠᠨ ᠰᠦᠷᠲᠡᠢ ᠣᠭᠣᠴᠢᠪᠠ ᠃
ᠡᠨᠡ ᠦᠶ᠎ᠡ ᠪᠡᠷ ᠠᠰᠠᠷ ᠦ᠋ᠨ ᠡᠮᠦᠨᠡᠭᠦᠷ ᠪᠥᠭᠡᠮ ᠴᠡᠷᠢᠭ ᠮᠣᠷᠢᠳ ᠲᠠᠴᠢᠬᠢᠨᠨᠠ ᠥᠩᠭᠡᠷᠡᠯ᠎ᠡ ᠃
— ᠪᠠᠰᠠ ᠶᠠᠭᠤ ᠢᠷᠡᠪᠡ ? ᠠᠷᠠᠢ ᠬᠣᠲᠣ ᠥᠪᠡᠷ ᠶ᠋ᠢᠡᠨ ᠠᠷᠢᠬᠢ ᠵᠠᠷᠤᠬᠤ ᠭᠡᠳ ᠢᠷᠡᠭᠰᠡᠨ ᠶᠤᠮ ᠪᠢᠰᠢ ᠪᠢᠵᠡ ᠃ ᠦᠵᠡᠭᠡᠳ ᠢᠷ᠎ᠡ ᠭᠡᠵᠦ ᠪᠠᠷᠲᠠᠢ ᠵᠢ ᠬᠡᠯᠡᠬᠦ ᠳ᠋ᠦ᠍ ᠱᠠᠮᠲᠠᠭᠠᠢ ᠶᠠᠭᠠᠷᠠᠨ ᠭᠠᠷᠤᠯ᠎ᠠ ᠃ ᠲᠦᠲᠡᠯ ᠦᠭᠡᠢ ᠡᠷᠭᠢᠵᠦ ᠢᠷᠡᠭᠡᠳ ᠄
— ᠠᠷᠢᠬᠢ ᠨᠢ ᠴᠤ᠌ ᠠᠷᠢᠬᠢ ᠶᠣᠮ ᠡ ᠃ ᠭᠡᠬᠦ ᠳ᠋ᠡᠭᠡᠨ ᠬᠣᠲᠣ ᠪᠢᠰᠢ ᠬᠡᠯᠡᠮᠦᠷᠴᠢ ᠂ ᠰᠢᠷᠢ ᠬᠥᠮᠦᠨ ᠣᠯᠵᠤ ᠢᠷᠡᠵᠡᠢ ᠃ ᠮᠠᠭᠠᠤᠠᠯᠠᠪᠠᠯ ᠡᠵᠡᠨ ᠥᠪᠡᠷ ᠶ᠋ᠢᠡᠨ ᠲᠡᠭᠦᠨ ᠊ᠢ ᠢᠯᠡᠭᠡᠭᠰᠡᠨ ᠪᠣᠯᠤᠯᠲᠠᠢ ᠭᠡᠵᠦ ᠠᠶ᠋ᠢᠯᠠᠤᠠᠬᠠᠯᠠ ᠃ ᠨᠠᠠ ᠤᠲᠠᠬ᠋᠎ᠠ ᠪᠠᠷᠲᠠᠢ ᠰᠡᠴᠡᠨ ᠲᠡᠪᠴᠢᠬᠰᠡᠠ ᠦᠭᠡᠢ ᠪᠣᠯᠤᠯᠲᠠᠢ ᠪᠣᠰᠴᠤ ᠳᠡᠪᠡᠯ ᠶ᠋ᠢᠡᠨ ᠡᠮᠦᠰᠦᠭᠡᠳ ᠪᠦᠰᠡ ᠪᠡᠨ ᠪᠦᠰᠡᠯᠡᠪᠡ ᠃
— ᠡᠶ᠋ᠢᠮᠦᠷᠬᠦ ᠪᠠᠶ᠋ᠢᠲᠠᠯ ᠊ᠢ ᠬᠠᠷᠠᠭᠠᠳ ᠨᠢᠲᠦ ᠠᠨᠢᠨ ᠥᠩᠭᠡᠷᠡᠭᠡᠵᠦ ᠶᠠᠪᠦᠵᠦ ᠪᠣᠯᠬᠤ ᠦᠭᠡᠢ ᠃ ᠪᠢ ᠰᠥᠪᠡᠭᠡᠲᠡᠢ ᠲᠠᠢ ᠠᠭᠤᠯᠵᠠᠨ᠎ᠠ ᠃ ᠲᠡᠷᠡ ᠦᠨᠡᠬᠡᠷ ᠢᠩᠬᠢᠵᠦ ᠁ ᠭᠡᠳ ᠪᠠᠷᠲᠠᠢ ᠦᠭᠡ ᠪᠡᠨ ᠳᠤᠲᠠᠭᠤ ᠣᠷᠬᠢᠪᠠ ᠃ ᠡᠶ᠋ᠢᠮᠦᠷᠬᠦ ᠦᠶ᠎ᠡ ᠳ᠋ᠦ᠍ ᠯᠡ ᠤᠯᠠᠮ ᠲᠡᠪᠡᠷᠡᠭᠡᠬᠦ ᠶᠣᠰᠣᠲᠠᠢ ᠭᠡᠳᠡᠭ ᠶ᠋ᠢᠡᠨ ᠰᠠᠨᠠᠬᠰᠠᠠ ᠱᠠᠮᠲᠠᠭᠠᠢ ᠄
— ᠲᠡᠭᠡᠯᠭᠦᠢ ᠶᠠᠭᠠᠬᠢᠬᠤ ᠪᠤᠢ ᠡᠵᠡᠨ ᠮᠢᠨᠢ ᠃ ᠬᠠᠭᠠᠠ ᠴᠢᠩᠭᠢᠰ ᠦ᠋ᠨ ᠵᠠᠷᠯᠢᠬ ᠊ᠢ ᠰᠥᠪᠡᠭᠡᠲᠡᠢ ᠨᠤᠭᠤᠯᠤᠯᠠ ᠭᠡᠬᠦ ᠳ᠋ᠦ᠍ ᠬᠠᠠ ᠬᠦᠦ ᠶ᠋ᠢᠨ ᠢᠲᠡᠭᠡᠯ ᠊ᠢ ᠲᠡ ᠡᠪᠲᠡᠵᠦ ᠪᠣᠯᠬᠤ ᠦᠭᠡᠢ ᠭᠡᠴᠢᠬᠡᠯᠡ ᠃ ᠪᠠᠷᠲᠠᠢ ᠲᠡᠭᠦᠨ ᠊ᠢ ᠨᠢᠭᠡ ᠲᠣᠮᠣ ᠬᠠᠷᠠᠬᠰᠠᠠ ᠢᠶᠠᠨ᠄
— ᠴᠢ ᠬᠠᠮᠢᠭᠠᠰᠢ ᠪᠠᠠ ᠴᠤ᠌ ᠬᠥᠲᠡᠯᠵᠦ ᠪᠣᠯᠬᠤ ᠦᠭᠡᠢ ᠰᠢᠦ ᠃ ᠬᠡᠷᠡᠭ ᠮᠠᠠᠲᠣᠬᠣ ᠳ᠋ᠦ᠍ ᠨᠠᠲᠠ ᠬᠡᠯᠡ ᠦᠯᠦ ᠪᠣᠯᠬᠤ ᠴᠤ᠌ ᠬᠡᠷᠡᠭ ᠭᠠᠷᠴᠤ ᠮᠡᠲᠡᠨ᠎ᠡ ᠭᠡᠳ ᠠᠰᠠᠷ ᠦ᠋ᠨ ᠡᠭᠦᠲᠡ ᠶ᠋ᠢ ᠣᠮᠣᠬᠲᠠᠢ ᠰᠢᠲᠡᠠ ᠭᠠᠷᠴᠤ ᠣᠲᠤᠯᠠ ᠃ ᠱᠠᠮᠲᠠᠭᠠᠢ ᠵᠡᠭᠦᠦ ᠳᠡᠭᠡᠷ᠎ᠡ ᠰᠠᠭᠣᠬᠰᠠᠠ ᠰᠢᠭ᠋ ᠲᠣᠭᠲᠠᠵᠤ ᠶᠠᠲᠠᠨ ᠴᠬᠠ ᠨᠥᠭᠴᠢᠭᠡᠵᠦ ᠪᠠᠶ᠋ᠢᠲᠠᠯ᠎ᠠ ᠲᠠᠨᠢᠯ ᠬᠣᠷᠴᠢᠨ ᠶᠠᠭᠠᠷᠠᠨ ᠭᠦᠶᠦᠵᠦ ᠢᠷᠡᠭᠡᠳ ᠄
— ᠱᠠᠮᠲᠠᠭᠠᠢ ᠮᠢᠨᠢ ᠰᠢᠮᠲᠠᠭᠠᠷᠠᠢ ᠃ ᠰᠢᠨ᠎ᠡ ᠡᠵᠡᠨ ᠴᠢᠨᠢ ᠶᠠᠯ᠎ᠠ ᠳ᠋ᠦ᠍ ᠤᠨᠠᠵᠤ ᠂ ᠶᠠᠰᠣᠠ ᠳ᠋ᠦ᠍ ᠬᠠᠬᠠᠯᠠ ᠃ ᠰᠦᠪᠡᠭᠡᠲᠠᠢ ᠪᠠᠭᠠᠲᠣᠷ ᠦ᠋ᠨ ᠦᠷᠭᠦᠭᠡᠨ ᠪ ᠡᠮᠦᠨ᠎ᠡ ᠣᠴᠢ ᠃ ᠬᠠᠷᠢᠨ ᠪᠠᠭᠠᠲᠣᠷ ᠳ᠋ᠦ᠍ ᠯᠠ ᠦᠵᠡᠭᠳᠡᠪᠡ ᠡ ᠃ ᠬᠠᠮᠲᠤ ᠲᠤᠷᠤᠰᠬ᠎ᠠ ᠪᠠᠠ ᠬᠠᠭᠤᠯᠤᠭᠤᠯᠤᠨᠠ ᠰᠢᠦ ᠭᠡᠰᠠᠠ ᠢ᠋ ᠰᠣᠨᠣᠰᠤᠭᠠᠳ ᠂ ᠠᠶᠤᠬᠤ ᠪᠠᠶᠠᠷᠯᠠᠬᠤ ᠶ᠋ᠢᠨ ᠠᠯᠢᠨ ᠊ᠢ ᠴᠤ᠌ ᠮᠡᠲᠡᠬᠦ ᠦᠭᠡᠢ ᠪᠣᠯᠤᠯ᠎ᠠ ᠃
ᠦᠰᠦᠭ ᠠᠮᠢᠯᠠᠭᠤᠯᠤᠭᠰᠠᠨ ᠨᠢ : < ᠬᠡᠯᠡ ᠪᠢᠴᠢᠭ᠌ > ᠬᠤᠯᠪᠤᠭ᠎ᠠ
