ᠤᠬᠠᠭᠠᠷᠠᠵᠤ ᠠᠮᠢᠳᠤᠷᠠᠬᠤ ᠤᠶᠠᠩᠭ᠎ᠠ ᠶ᠋ᠢᠨ ᠣᠴᠢᠬ- ᠭ᠂ ᠴᠢᠩᠪᠠᠭᠠᠲᠤᠷУхаарч амьдарах уянгын учиг-г чанбаатар
ᠤᠬᠠᠭᠠᠷᠠᠵᠤ ᠠᠮᠢᠳᠤᠷᠠᠬᠤ ᠤᠶᠠᠩᠭ᠎ᠠ ᠶ᠋ᠢᠨ ᠣᠴᠢᠬ
ᠭ ᠂ ᠴᠢᠩᠪᠠᠭᠠᠲᠤᠷ
ᠭᠠᠵᠠᠷ ᠲᠤ ᠮᠣᠳᠣ᠌ ᠰᠢᠭᠠᠨ ᠲᠣᠭᠯᠠᠵᠤ ᠪᠠᠢᠬᠤ ᠳᠦ
ᠭᠠᠢ ᠲᠠᠢ ᠬᠡᠦᠬᠡᠳ ᠁ ᠭᠡᠵᠦ
ᠤᠨᠠᠲᠠᠯ᠎ᠠ ᠠᠯᠠᠭᠠᠳᠠᠭᠰᠠᠨ ᠠᠪᠤ ᠪᠠᠨ ᠬᠠᠷᠠᠭᠠᠳ
ᠡᠬᠡ ᠰᠢᠷᠣᠢ ᠳ᠋ᠤ᠌ ᠪᠠᠨ ᠬᠠᠢᠷᠠᠲᠠᠢ ᠶᠠᠪᠤᠬᠤ ᠶ᠋ᠢᠨ ᠴᠣᠬᠣᠮ ᠤᠬᠠᠭᠠᠨ ᠢ
ᠡᠴᠢᠭᠡ ᠶ᠋ᠢᠨ ᠶ᠋ᠢᠡᠨ 《 ᠬᠠᠯᠠ 》 ᠠ᠋ᠴᠠ
ᠳᠠᠭᠢᠵᠤ ᠮᠠᠷᠲᠠ ᠯᠡ ᠦᠭᠡᠢ ᠴᠡᠭᠡᠵᠢᠯᠡᠵᠦ ᠠᠪᠤᠭᠰᠠᠨ ᠶᠤᠮ
ᠬᠤᠪᠢᠩ ᠲᠠᠢ ᠰᠦ ᠪᠡᠨ ᠡᠭᠡᠳᠡᠲᠡᠯᠡ ᠰᠠᠷᠠᠪᠴᠢᠯᠠᠨ ᠨᠠᠮ᠎ᠠ ᠶ᠋ᠢ ᠦᠳᠡᠭᠰᠡᠨ ᠡᠵᠢ
ᠮᠢᠨᠢ
ᠬᠣᠯᠠ ᠶᠠᠪᠤᠯ᠎ᠠ ᠴᠤ᠌ ᠡᠷᠭᠢᠵᠦ ᠢᠷ᠎ᠡ ᠭᠡᠵᠦ ᠮᠠᠩᠨᠠᠢ ᠳᠡᠭᠡᠷ᠎ᠡ ᠮᠢᠨᠢ
ᠦᠨᠦᠰᠦᠭᠰᠡᠨ ᠶᠤᠮ
ᠢᠰᠡᠭᠡᠢ ᠭᠡᠷ ᠂ ᠡᠵᠢ ᠠᠪᠤ ᠬᠣᠶᠠᠷ ᠲᠤ ᠪᠠᠨ ᠪᠤᠴᠠᠵᠤ ᠢᠷ᠎ᠡ ᠭᠡᠰᠡᠨ ᠦᠭᠡ ᠪᠢᠰᠢ
ᠡᠬᠡ ᠨᠤᠲᠤᠭ ᠲᠤ ᠪᠠᠨ ᠲᠡᠮᠡᠦᠯᠵᠦ ᠢᠷ᠎ᠡ ᠭᠡᠰᠡᠨ ᠰᠤᠷᠭᠠᠯ ᠪᠠᠢᠵᠠᠢ
ᠡᠯᠡᠰᠦ ᠲᠠᠢ ᠬᠥᠷᠥᠰᠥᠨ ᠳᠡᠭᠡᠷ᠎ᠡ ᠨᠢ ᠡᠯᠢᠭᠡᠳᠡᠨ ᠭᠡᠪᠲᠡᠭᠦ ᠪᠡᠷ
ᠡᠵᠢ ᠶ᠋ᠢᠨ ᠮᠢᠨᠢ ᠰᠦ ᠦᠨᠦᠷᠲᠦᠬᠦ ᠰᠢᠭ ᠰᠠᠨᠠᠭᠳᠠᠪᠠ
ᠠᠭᠢ ᠲᠠᠢ ᠰᠢᠷᠣᠢ ᠳᠡᠭᠡᠷ᠎ᠡ ᠨᠢ ᠠᠯᠳᠠᠯᠠᠨ ᠭᠡᠪᠲᠡᠭᠦ ᠪᠡᠷ
ᠠᠪᠤ ᠶ᠋ᠢᠨ ᠮᠢᠨᠢ ᠰᠤᠷᠭᠠᠯ ᠰᠡᠳᠬᠢᠭᠳᠡᠬᠦ ᠰᠢᠭ ᠪᠤᠲᠤᠬ᠍ᠲᠠᠪᠠ
ᠡᠬᠡ ᠣᠷᠣᠨ ᠭᠡᠳᠡᠭ ᠦ᠋ᠨ ᠴᠣᠬᠣᠮ ᠤᠳᠬ᠎ᠠ ᠶᠢ
ᠡᠨᠳᠡ ᠡᠴᠡ ᠪᠢ ᠮᠡᠳᠡᠵᠦ ᠠᠪᠤᠭᠰᠠᠨ ᠶᠤᠮ
ᠦᠰᠦᠭ ᠠᠮᠢᠯᠠᠭᠤᠯᠤᠭ᠍ᠴᠢ ᠄ᠨᠠᠪᠴᠢ
ᠬᠢᠨᠠᠭ᠍ᠴᠢ ᠄ ᠰᠡᠯᠡᠭᠦᠨ
