ᠠᠭᠤᠯᠠ ᠶ᠋ᠢᠨ ᠵᠡᠭᠦᠳᠦ- ᠭ᠂ ᠴᠢᠩᠪᠠᠭᠠᠲᠤᠷУулын зүүд-г чанбаатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠭᠤᠯᠠ ᠶ᠋ᠢᠨ ᠵᠡᠭᠦᠳᠦ- ᠭ᠂ ᠴᠢᠩᠪᠠᠭᠠᠲᠤᠷУулын зүүд-г чанбаатар

ᠠᠭᠤᠯᠠ ᠶ᠋ᠢᠨ ᠵᠡᠭᠦᠳᠦ- ᠭ᠂ ᠴᠢᠩᠪᠠᠭᠠᠲᠤᠷУулын зүүд-г чанбаатар

2023-03-10

237

ᠠᠭᠤᠯᠠ ᠶ᠋ᠢᠨ ᠵᠡᠭᠦᠳᠦ

     ᠭ ᠂ ᠴᠢᠩᠪᠠᠭᠠᠲᠤᠷ
ᠰᠠᠷᠠᠨ  ᠤ ᠲᠤᠶᠠᠭ᠎ᠠ ᠰᠢᠭ᠋ ᠤᠨᠢᠶᠠᠷ ᠦ᠋ᠨ ᠴᠠᠭᠠᠨ᠎ᠠ
ᠠᠭᠤᠯᠠ ᠵᠡᠭᠦᠳᠦᠯᠡᠨ᠎ᠡ
ᠰᠠᠯᠬᠢᠨ ᠤ ᠭᠦᠶᠦᠳᠡᠯ ᠳ᠋ᠦ᠍ ᠬᠠᠶᠠ ᠰᠡᠷᠡᠪᠡᠴᠦ
ᠣᠯᠠᠨ ᠳᠤᠭᠵᠢᠷᠠᠨ᠎ᠠ

ᠣᠯᠠᠨ ᠵᠢᠯ ᠦ᠋ᠨ ᠡᠮᠦᠨ᠎ᠡ ᠪᠡᠯ ᠳ᠋ᠤᠨᠢ ᠪᠡᠯᠴᠢᠵᠦ ᠪᠠᠢᠭᠰᠠᠨ
ᠣᠳᠣᠨ ᠪ ᠲᠣᠭ᠎ᠠ ᠲᠠᠢ ᠰᠦᠷᠦᠭ  ᠢ ᠵᠢᠰᠦᠮ ᠶ᠋ᠢᠡᠷ ᠨᠢ ᠵᠡᠭᠦᠳᠦᠯᠡᠨ᠎ᠡ
ᠣᠯᠠᠨ ᠵᠢᠯ ᠦ᠋ᠨ ᠬᠣᠢᠨ᠎ᠠ ᠬᠣᠷᠮᠣᠢ ᠶᠢ ᠨᠢ ᠡᠰᠬᠡᠭᠰᠡᠨ
ᠣᠯᠪᠢᠩ ᠠᠨᠵᠢᠰᠤ ᠵᠡᠭᠦᠳᠦ ᠶ᠋ᠢ ᠨᠢ ᠵᠦᠰᠦᠭᠦ ᠪᠡᠷ ᠬᠠᠷ᠎ᠠ ᠳᠠᠷᠤᠨ᠎ᠠ

ᠬᠠᠳᠠᠨ ᠳ᠋ᠤᠨᠢ ᠲᠣᠭᠯᠠᠳᠠᠭ ᠪᠠᠢᠭᠰᠠᠨ ᠠᠢᠯ ᠦ᠋ᠨ ᠬᠡᠦᠬᠡᠳ ᠦ᠋ᠳ ᠦ᠋ᠨ
ᠬᠠᠯᠲᠠᠷ ᠭᠠᠷ ᠂ ᠵᠥᠭᠡᠯᠡᠨ ᠬᠥᠯ  ᠢ ᠡᠵᠢ ᠨᠢ ᠶᠤᠮ ᠰᠢᠭ ᠵᠡᠭᠦᠳᠦᠯᠡᠨ᠎ᠡ
ᠬᠠᠯᠢᠯ ᠳ᠋ᠤᠨᠢ ᠡᠭᠦᠷᠯᠡᠵᠦ ᠥᠨᠲᠡᠭᠡᠯᠡᠲᠡᠭ ᠪᠠᠢᠭᠰᠠᠨ ᠬᠦᠷᠡᠩ ᠪᠦᠷᠭᠦᠳ  ᠢ
ᠬᠠᠶᠠ ᠳᠡᠭᠡᠷ᠎ᠡ ᠨᠢ ᠤᠨᠠᠳᠠᠭ ᠪᠠᠢᠭᠰᠠᠨ ᠵᠥᠭᠡᠯᠡᠨ ᠦᠲᠦ ᠲᠡᠢ ᠨᠢ ᠵᠡᠭᠦᠳᠦᠯᠡᠨ᠎ᠡ

ᠵᠤᠯᠠᠷᠠᠵᠤ ᠣᠲᠣᠭᠰᠠᠨ ᠣᠨ ᠵᠢᠯ ᠦ᠋ᠨ ᠬᠣᠢᠨ᠎ᠠ ᠠ᠋ᠴᠠ ᠵᠡᠭᠦᠳᠦ ᠪᠡᠨ ᠮᠠᠨᠠᠨ
ᠲᠣᠷᠣᠢᠵᠤ ᠬᠣᠴᠣᠷᠤᠭᠰᠠᠨ ᠡᠵᠢ ᠮᠢᠨᠢ ᠰᠢᠭ ᠠᠭᠤᠯᠠ ᠰᠠᠷᠠᠪᠴᠢᠯᠠᠨ᠎ᠠ
ᠵᠠᠭᠤ ᠵᠠᠭᠤᠨ ᠵᠢᠯ ᠶ᠋ᠢᠡᠷ ᠡᠳᠦᠷ ᠰᠥᠨᠢ ᠡᠭᠡᠯᠵᠢᠯᠡᠨ᠎ᠡ
ᠳᠣᠮᠣᠭ ᠵᠡᠭᠦᠳᠦᠯᠡᠨ ᠭᠠᠪ ᠭᠠᠭᠴᠠᠭᠠᠷ ᠶ᠋ᠢᠠᠨ ᠰᠠᠷᠠ ᠰᠢᠭ᠋ ᠥᠨᠥᠴᠢᠷᠡᠨ᠎ᠡ

2007.9.7
    ᠦᠰᠦᠭ ᠠᠮᠢᠯᠠᠭᠤᠯᠤᠭ᠍ᠴᠢ ᠄ ᠿᠦᠩ ᠰᠢ
    ᠬᠢᠨᠠᠭ᠍ᠴᠢ ᠄ ᠰᠡᠯᠡᠭᠦᠨ