ᠱᠣᠷᠣᠩ ᠤᠨ ᠳᠠᠭᠤᠤ – ᠷ᠂ ᠴᠣᠢᠨᠣᠮ Шоронгийн дуу – Р ᠂ Чойном
ᠱᠣᠷᠣᠩ ᠤᠨ ᠳᠠᠭᠤᠤ
ᠡᠯᠦᠢ ᠬᠤᠯᠤᠢ ᠴᠢᠮᠡᠭᠡ ᠦᠭᠡᠢ ᠶ᠋ᠢᠨ ᠳᠤᠮᠳᠠ
ᠣᠵᠢᠬ ᠬᠠᠲᠠᠭᠤ ᠱᠣᠷᠣᠩ
ᠡᠷᠯᠢᠭ ᠨᠣᠮᠣᠨ ᠬᠠᠨ ᠪ ᠤᠷᠲᠤ ᠮᠡᠲᠦ
《 ᠤᠯᠤᠰ ᠦ᠋ᠨ ᠲᠥᠪ ᠱᠣᠷᠣᠩ 》 ᠁
ᠡᠨᠡ ᠵᠠᠭᠤᠨ ᠪ ᠴᠢᠮᠡᠭᠡ ᠶ᠋ᠢ
ᠥᠷᠭᠡᠰᠦᠲᠦ ᠲᠣᠣᠷ ᠶ᠋ᠢᠠᠷ ᠬᠣᠷᠢᠬᠯᠠᠵᠤ
ᠡᠨᠲᠡ ᠭᠠᠭᠴᠠ ᠬᠦ
ᠬᠠᠷ᠎ᠠ ᠲᠡᠮᠦᠷ ᠨᠣᠶᠠᠷᠬᠠᠨᠠ ᠃
ᠬᠠᠨ᠎ᠠ ᠬᠡᠷᠡᠮ ᠦ᠋ᠨ ᠲᠦᠭᠵᠢᠶ᠎ᠡ
ᠲᠡᠮᠦᠷ ᠬᠠᠷᠵᠢᠭᠢᠨᠠᠩᠬᠠᠨ
ᠬᠠᠭᠠᠯᠬ᠋ᠠ ᠡᠭᠦᠲᠡ ᠪᠦᠬᠦᠨ ᠨᠡᠯᠦ ᠳ᠋ᠡᠭᠡᠨ
ᠲᠡᠮᠦᠷ ᠳᠡᠰ ᠨᠢᠰᠬᠢᠨ ᠂
ᠬᠠᠲᠠᠭᠤ ᠪᠠᠲᠤ ᠴᠣᠣᠵᠢ ᠴᠥᠮ
ᠲᠡᠮᠦᠷ ᠶᠠᠩ ᠬᠢᠵᠦ
ᠬᠠᠯᠠᠭᠤᠨ ᠭᠠᠷ ᠲᠤ ᠬᠢᠭᠰᠡᠨ ᠬᠥᠢᠲᠡᠨ ᠭᠠᠪᠠᠨ ᠪ
ᠲᠡᠮᠦᠷ ᠱᠠᠷ ᠬᠢᠨ᠎ᠡ !
ᠬᠠᠷᠠᠭᠤᠯ ᠦ᠋ᠨ ᠬᠢᠲᠤᠭᠠᠨ ᠵᠢᠲᠠ
ᠲᠡᠮᠦᠷ ᠬᠠᠷᠢᠶᠠᠯ ᠶ᠋ᠢᠠᠷ ᠬᠠᠷᠢᠶᠠᠵᠤ
ᠬᠠᠷᠠᠭᠠᠯᠵᠠᠭᠴᠢ ᠶ᠋ᠢᠨ ᠫᠤᠤ ᠶ᠋ᠢᠨ ᠵᠠᠮᠤᠭ
ᠲᠡᠮᠦᠷ ᠲᠤᠰᠢᠶᠠᠯ ᠶ᠋ᠢᠠᠷ ᠲᠤᠰᠢᠶᠠᠵᠤ
ᠬᠣᠷᠢᠬᠲᠠᠯ ᠠᠴᠢᠲᠠᠭ ᠲᠡᠷᠭᠡᠨ ᠪ
ᠲᠡᠮᠦᠷ ᠴᠢᠩᠬᠡᠯᠢᠭ ᠴᠠᠩᠲᠤᠵᠤ
ᠬᠣᠭᠣᠯᠠ ᠤᠮᠲᠠ ᠶ᠋ᠢᠨ ᠠᠶᠠᠬ᠋᠎ᠠ
ᠲᠡᠮᠦᠷ ᠢᠨᠢᠶᠡᠲᠦ ᠪᠡᠷ ᠢᠨᠢᠶᠡᠵᠦ
ᠪᠣᠰ ! ᠰᠠᠭᠤ ! ᠭᠡᠰᠡᠨ ᠺᠣᠮᠠᠨᠳ᠋
ᠲᠡᠮᠦᠷ ᠠᠪᠢᠶ᠎ᠠ ᠪᠠᠷ ᠴᠤᠤᠷᠢᠶᠠᠯᠠᠵᠤ
ᠪᠣᠯᠬᠤ ᠦᠭᠡᠢ ! ᠬᠣᠷᠢᠬᠯᠠᠨᠠ ! ᠭᠡᠰᠡᠨ ᠦᠭᠡᠰ
ᠲᠡᠮᠦᠷ ᠠᠮᠢᠰᠬᠤᠯ ᠶ᠋ᠢᠠᠷ ᠳᠠᠪᠲᠠᠵᠤ
ᠪᠣᠲᠠᠲᠤ ᠣᠷᠴᠢᠯᠠᠩ ᠠ᠋ᠴᠠ ᠠᠩᠭᠢᠲᠠ
ᠲᠥᠷᠥ ᠶ᠋ᠢᠨ ᠴᠢᠩᠬ᠋᠎ᠠ ᠱᠣᠷᠣᠩ ᠳᠤ
ᠪᠣᠰᠤᠬ᠋᠎ᠠ ᠬᠡᠪᠲᠡᠭᠡ ᠴᠥᠮ
ᠲᠡᠮᠦᠷ ᠦ᠋ᠨ ᠡᠷᠬᠡᠰᠢᠶᠡᠯ ᠳᠤ ᠰᠥᠭᠥᠲᠦᠨᠡ ᠃
ᠬᠥᠮᠦᠨ ᠡᠨᠲᠡ
ᠬᠡᠯᠡ ᠦᠭᠡᠢ ᠁ ᠪᠣᠯᠤᠨ ᠬᠤᠪᠢᠷᠠᠵᠤ ᠂
ᠬᠥᠢᠲᠡᠨ ᠲᠡᠮᠦᠷ ᠡᠨᠲᠡ
ᠬᠡᠮᠵᠢᠶ᠎ᠡ ᠦᠭᠡᠢ ᠡᠷᠬᠡ ᠪᠡᠨ ᠡᠲᠯᠡᠩᠬᠡᠨ ᠂
ᠭᠠᠭᠴᠠ ᠬᠦ
ᠡᠨᠡ ᠯᠠ ᠳᠠᠭᠤᠯᠠᠵᠤ ᠪᠣᠯᠬᠤ —
ᠭᠠᠪᠠ ᠭᠢᠨᠵᠢᠨ ᠪ
ᠡᠷᠲᠡᠨ ᠪ ᠳᠠᠭᠤᠤ ᠶ᠋ᠢ ᠳᠠᠭᠤᠯᠠᠨ ᠪᠠᠶ᠋ᠢᠨ᠎ᠠ ᠃
《 ᠷ · ᠴᠣᠶ᠋ᠢᠨᠣᠮ ᠦ᠋ᠨ ᠰᠢᠯᠦᠭ᠋ ᠵᠣᠬᠢᠶᠠᠯ ᠦ᠋ᠨ ᠬᠤᠷᠢᠶᠠᠬᠤᠢ — 》
— ᠤᠶᠠᠩᠬ᠋᠎ᠠ ᠶ᠋ᠢᠨ ᠰᠢᠯᠦᠭ᠋ ᠡᠴᠡ ᠬᠠᠭᠤᠯᠪᠠ ᠃
ᠪᠢ᠍᠊ · ᠳᠠᠮᠳᠢᠨᠰᠦ᠋ᠷᠦᠩ ᠡᠮᠬᠢᠤᠠᠬᠡᠨ ᠨᠠᠶ᠋ᠢᠷᠠᠭᠤᠯᠪᠠ
ᠬᠠᠷᠢᠭᠤᠴᠠᠭᠰᠠᠨ ᠨᠠᠶ᠋ᠢᠷᠠᠭᠤᠯᠤᠭᠴᠢ ᠄ ᠪᠣᠷᠣᠨᠤᠳ ᠳᠣᠷᠵᠢ
ᠦᠰᠦᠭ ᠠᠮᠢᠯᠠᠭᠤᠯᠤᠭᠴᠢ ᠪᠠᠶᠠᠨᠰᠡᠷᠡᠩ
ᠬᠢᠨᠠᠭᠴᠢ ᠪᠠᠭᠰᠢ : ᠣᠳᠬᠠᠨᠰᠣᠸᠠ ᠂ ᠮᠥᠩᠭᠦᠨᠴᠡᠴᠡᠭ
