ᠮᠢᠨᠦ ᠨᠥᠬᠥᠳ ᠨᠠᠷᠠ ᠵᠢᠷᠤᠬᠤ ᠳᠤᠷᠠᠲᠠᠢ – ᠭᠦᠷᠵᠠᠪ Миний нөхөд нар зурах дуртай    –  Гүржав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠢᠨᠦ ᠨᠥᠬᠥᠳ ᠨᠠᠷᠠ ᠵᠢᠷᠤᠬᠤ ᠳᠤᠷᠠᠲᠠᠢ – ᠭᠦᠷᠵᠠᠪ Миний нөхөд нар зурах дуртай    –  Гүржав

ᠮᠢᠨᠦ ᠨᠥᠬᠥᠳ ᠨᠠᠷᠠ ᠵᠢᠷᠤᠬᠤ ᠳᠤᠷᠠᠲᠠᠢ – ᠭᠦᠷᠵᠠᠪ Миний нөхөд нар зурах дуртай    –  Гүржав

2023-03-09

317

ᠮᠢᠨᠦ ᠨᠥᠬᠥᠳ ᠨᠠᠷᠠ ᠵᠢᠷᠤᠬᠤ ᠳᠤᠷᠠᠲᠠᠢ


                ᠭᠦᠷᠵᠠᠪ

 ᠮᠢᠨᠦ ᠨᠥᠬᠥᠳ ᠨᠠᠷᠠ ᠵᠢᠷᠤᠬᠤ ᠳᠤᠷᠠᠲᠠᠢ —
 ᠮᠠᠨᠲᠤᠵᠤ ᠪᠠᠶ᠋ᠢᠬ᠋᠎ᠠ ᠂  ᠳᠡᠭᠳᠡᠵᠦ ᠪᠠᠶ᠋ᠢᠬ᠋᠎ᠠ
 ᠮᠠᠭᠰᠢᠵᠤ ᠪᠠᠶ᠋ᠢᠬ᠋᠎ᠠ ᠂ ᠳᠡᠪᠢᠵᠦ ᠪᠠᠶ᠋ᠢᠬ᠋᠎ᠠ
 ᠮᠢᠩᠬ᠋᠎ᠠ ᠲᠦᠮᠡᠨ
 ᠨᠠᠷᠠ ᠵᠢᠷᠤᠬᠤ ᠳᠤᠷᠠᠲᠠᠢ
 ᠮᠢᠩᠬ᠋᠎ᠠ ᠲᠦᠮᠡᠨ ᠨᠠᠷᠠ ᠪᠠᠨ ᠲᠣᠭᠣᠷᠢᠭᠤᠯᠤᠭᠠᠳ
 ᠮᠣᠷᠢ ᠵᠢᠷᠤᠬᠤ ᠳᠤᠷᠠᠲᠠᠢ
 ᠲᠡᠮᠡᠭᠡ ᠵᠢᠷᠤᠬᠤ ᠳᠤᠷᠠᠲᠠᠢ —
 ᠮᠤᠨᠲᠠᠬ᠋᠎ᠠ ᠬᠡᠶ᠋ᠢᠰᠬᠡᠨ ᠂ ᠵᠣᠭᠲᠣᠷ ᠪᠣᠰᠬᠠᠨ
 ᠳᠠᠪᠬᠢᠵᠤ ᠪᠠᠶ᠋ᠢᠬ᠋᠎ᠠ ᠪᠠᠷ ᠂ ᠬᠠᠲᠠᠷᠢᠵᠤ ᠪᠠᠶ᠋ᠢᠬ᠋᠎ᠠ ᠪᠠᠷ
 ᠵᠢᠷᠤᠬᠤ ᠳᠤᠷᠠᠲᠠᠢ ᠁
 ᠮᠣᠩᠭᠣᠯ ᠨᠤᠲᠤᠭ ᠶ᠋ᠢᠠᠨ
 ᠴᠡᠴᠡᠭᠯᠡᠵᠦ ᠪᠠᠶ᠋ᠢᠬ᠋᠎ᠠ ᠪᠠᠷ ᠂ ᠥᠭᠡᠲᠡᠯᠡᠵᠦ ᠪᠠᠶ᠋ᠢᠬ᠋᠎ᠠ ᠪᠠᠷ
 ᠵᠢᠷᠤᠬᠤ ᠳᠤᠷᠠᠲᠠᠢ
 ᠮᠢᠨᠦ ᠨᠥᠬᠥᠳ
 ᠰᠠᠷᠠ ᠵᠢᠷᠤᠬᠤ ᠳᠤᠷᠠᠲᠠᠢ —
 ᠰᠠᠮᠪᠠᠷ᠎ᠠ ᠳᠡᠭᠡᠷ᠎ᠡ ᠂ ᠳᠡᠪᠲᠡᠷ ᠳᠡᠭᠡᠷ᠎ᠡ
 ᠱᠠᠯᠠ ᠳᠡᠭᠡᠷ᠎ᠡ ᠂ ᠭᠠᠵᠠᠷ ᠳᠡᠭᠡᠷ᠎ᠡ
 ᠰᠠᠴᠤᠷᠠᠵᠤ ᠪᠠᠶ᠋ᠢᠬ᠋᠎ᠠ ᠂ ᠭᠡᠷᠡᠯᠲᠦᠵᠦ ᠪᠠᠶ᠋ᠢᠬ᠋᠎ᠠ
 ᠰᠠᠶ᠎ᠠ ᠲᠦᠮᠡᠨ
 ᠰᠠᠷᠠ ᠵᠢᠷᠤᠬᠤ ᠳᠤᠷᠠᠲᠠᠢ
 ᠰᠠᠶ᠎ᠠ ᠲᠦᠮᠡᠨ ᠰᠠᠷᠠ ᠪᠠᠨ ᠳᠠᠭᠠᠭᠠᠳ
 ᠰᠠᠵᠢᠯᠠᠵᠤ ᠪᠠᠶ᠋ᠢᠬ᠋᠎ᠠ ᠂ ᠳᠡᠯᠭᠡᠷᠡᠵᠦ ᠪᠠᠶ᠋ᠢᠬ᠋᠎ᠠ
 ᠴᠡᠴᠡᠭ᠋ ᠵᠢᠷᠤᠬᠤ ᠳᠤᠷᠠᠲᠠᠢ
 ᠰᠠᠶ᠋ᠢᠬᠠᠨ ᠳᠠᠭᠤ ᠪᠠᠷ ᠵᠢᠷᠭᠢᠵᠦ ᠪᠠᠶ᠋ᠢᠬ᠋᠎ᠠ
 ᠰᠢᠪᠠᠭᠤ ᠵᠢᠷᠤᠬᠤ ᠳᠤᠷᠠᠲᠠᠢ
 ᠰᠠᠶ᠋ᠢᠨ ᠰᠤᠷᠴᠢᠬᠠᠭᠠᠳ
 ᠰᠠᠶ᠋ᠢᠰᠢᠶᠠᠭᠲᠠᠨ ᠮᠠᠭᠲᠠᠭᠲᠠᠵᠤ ᠪᠠᠶ᠋ᠢᠬ᠋᠎ᠠ
 ᠬᠡᠦᠬᠡᠳ ᠵᠢᠷᠤᠬᠤ ᠳᠤᠷᠠᠲᠠᠢ !

ᠢᠷᠡᠯᠲᠡ – ᠬᠡᠤᠭᠡᠳ ᠨᠠᠰᠤ ᠰᠠᠶ᠋ᠢᠬᠠᠨ
        ᠭᠦᠷᠵᠠᠪ ᠵᠣᠬᠢᠶᠠᠪᠠ
          ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠪᠡ
          ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
          ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
         2004 ᠣᠨ ᠪ 9 ᠰᠠᠷ᠎ᠠ  ᠳᠦ ᠠᠩᠬᠠᠲᠤᠭᠠᠷ ᠬᠡᠪ ᠊ᠢ ᠬᠢᠪᠡ
         2004 ᠣᠨ ᠪ 9 ᠰᠠᠷ᠎ᠠ  ᠳᠦ ᠠᠩᠬ᠎ᠠ ᠤᠲᠠᠬ᠋᠎ᠠ ᠬᠡᠪᠯᠡᠪᠡ

    ᠦᠰᠦᠭ   ᠠᠮᠢᠯᠠᠭᠤᠯᠤᠭᠴᠢ ᠄ ᠪᠠᠶᠠᠷᠴᠡᠴᠡᠭ
    ᠬᠢᠨᠠᠭᠴᠢ ᠄ ᠪᠠᠶᠠᠷᠴᠡᠴᠡᠭ
           2023 ᠣᠨ ᠪ3 ᠰᠠᠷ᠎ᠠ ᠶ᠋ᠢᠨ4 ᠪ ᠡᠲᠦᠷ