ᠰᠤᠷᠭᠠᠭᠤᠯᠢ — ᠨᠠᠷᠠ ᠄ ᠭᠦᠷᠵᠠᠪ Сургууль — Нар     ᠄   Гүржав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠤᠷᠭᠠᠭᠤᠯᠢ — ᠨᠠᠷᠠ ᠄ ᠭᠦᠷᠵᠠᠪ Сургууль — Нар     ᠄   Гүржав

ᠰᠤᠷᠭᠠᠭᠤᠯᠢ — ᠨᠠᠷᠠ ᠄ ᠭᠦᠷᠵᠠᠪ Сургууль — Нар     ᠄   Гүржав

2023-03-09

357

ᠰᠤᠷᠭᠠᠭᠤᠯᠢ — ᠨᠠᠷᠠ


           ᠭᠦᠷᠵᠠᠪ

 ᠰᠤᠷᠭᠠᠭᠤᠯᠢ — ᠨᠠᠷᠠ
 ᠬᠦᠯᠢᠶᠡᠰᠦ ᠲᠤᠱᠠ ᠦᠭᠡᠢ ᠬᠦᠰᠡᠯ ᠦ᠋ᠨ ᠨᠠᠷᠠ
 ᠬᠥᠮᠦᠨ ᠪ ᠰᠠᠶ᠋ᠢᠬᠠᠨ ᠦᠷ᠎ᠡ ᠦᠨᠲᠦᠰᠦ ᠶ᠋ᠢᠨ
 ᠬᠦᠪᠦᠷᠡᠬᠦ ᠳᠠᠯᠠᠪᠴᠢ ᠶ᠋ᠢ ᠬᠥᠪᠴᠢᠲᠡᠨ ᠰᠡᠯᠢᠵᠦ 
 ᠬᠦᠷᠬᠦ ᠂ ᠣᠴᠢᠬᠤ · · · · ᠵᠦᠭ ᠲᠡᠶ᠋ᠢᠰᠢ ᠨᠢ
 ᠬᠦᠴᠢᠷᠲᠡᠵᠦ ᠲᠡᠪᠡᠲᠡᠬᠦ — ᠴᠡᠭ ᠦᠭᠡᠢ
 ᠬᠦᠴᠦᠨ ᠲᠡᠭᠦᠯᠲᠡᠷ ᠳᠡᠷᠪᠡᠭᠦᠯᠦᠨ ᠳᠡᠭᠵᠢᠭᠦᠯᠳᠡᠭ
 ᠬᠦᠯᠢᠶᠡᠰᠦ ᠲᠤᠱᠠ ᠦᠭᠡᠢ ᠬᠦᠰᠡᠯ ᠦ᠋ᠨ ᠨᠠᠷᠠ

 ᠰᠤᠷᠭᠠᠭᠤᠯᠢ — ᠨᠠᠷᠠ 
 ᠬᠦᠲᠡᠩᠲᠡᠵᠦ ᠬᠬᠢᠷᠲᠡᠰᠢ ᠦᠭᠡᠢ ᠬᠥᠮᠦᠵᠢᠯ ᠦ᠋ᠨ ᠨᠠᠷᠠ 
 ᠬᠥᠭᠡᠷᠦᠬᠦᠨ ᠲᠣᠷᠮᠤᠯᠵᠠᠭᠤᠨ ᠬᠡᠦᠬᠡᠳ ᠦ᠋ᠨ ᠨᠢᠲᠦᠨ  ᠳᠤ 
 《 ᠬᠦᠬᠦ 》 ᠶ᠋ᠢᠨ ᠰᠦ᠋ — ᠡᠷᠲᠡᠮ ᠶ᠋ᠢᠡᠨ ᠳᠤᠰᠤᠭᠠᠵᠤ
 ᠬᠥᠭᠡᠭᠡᠵᠦ ᠲᠠᠭᠤᠬᠤ · · · · ᠵᠠᠮ ᠮᠥᠷ ᠊ᠢ ᠨᠢ
 ᠬᠥᠨᠥᠭᠡᠵᠦ ᠂ ᠪᠡᠷᠲᠡᠭᠡᠬᠦ — ᠰᠡᠭᠦᠲᠡᠷ ᠦᠭᠡᠢ
 ᠬᠥᠷ ᠪᠠᠶᠠᠰᠤᠯ ᠶ᠋ᠢᠠᠷ ᠭᠡᠷᠡᠯᠲᠦᠭᠦᠯᠦᠨ  ᠭᠡᠢᠬᠦᠯᠳᠡᠭ
 ᠬᠦᠲᠡᠩᠲᠡᠵᠤ ᠬᠬᠢᠷᠲᠡᠰᠢ ᠦᠭᠡᠢ ᠬᠥᠮᠦᠵᠢᠯ ᠦ᠋ᠨ ᠨᠠᠷᠠ

 ᠰᠤᠷᠭᠠᠭᠤᠯᠢ — ᠨᠠᠷᠠ
 ᠰᠤᠯᠠᠷᠠᠵᠤ ᠬᠠᠷᠢᠰᠢ ᠦᠭᠡᠢ ᠰᠤᠷᠲᠠᠬᠤᠨ ᠪ ᠨᠠᠷᠠ 
 ᠱᠤᠤᠭᠢᠵᠤ ᠢᠷᠡᠬᠦ ᠣᠯᠠᠨ ᠬᠡᠦᠬᠡᠳ ᠊ᠢ 
 ᠰᠤᠷᠭᠠᠭᠤᠯᠢᠯᠠᠯ ᠦ᠋ᠨ ᠪᠠᠶ᠋ᠢᠯᠲᠤᠭᠴᠢ ᠰᠢᠭ᠋ ᠵᠢᠭᠳᠡᠬᠡᠨ ᠮᠥᠷᠯᠡᠭᠦᠯᠵᠦ
 ᠰᠤᠷᠬᠤ ᠂ ᠬᠢᠴᠢᠶᠡᠬᠦ ᠂ ᠂ ᠂ ᠂ ᠠᠵᠢᠯᠯᠠᠬ᠋᠎ᠠ ᠪᠦᠬᠦᠨ  ᠳᠤ
 ᠱᠤᠲᠤᠷᠴᠤ ᠂ ᠲᠠᠲᠠᠯᠴᠠᠬᠤ — ᠴᠢᠯᠥᠭᠡ ᠦᠭᠡᠢ
 ᠰᠢᠭᠤᠳ ᠡᠷᠴᠢᠯᠡᠩᠭᠥᠢ ᠣᠷᠣᠯᠲᠣᠭᠤᠯᠤᠨ ᠵᠢᠤᠠᠬᠦᠭᠦᠯᠲᠡᠭ
 ᠰᠤᠯᠠᠷᠠᠵᠤ ᠬᠠᠷᠢᠰᠢ ᠦᠭᠡᠢ ᠰᠤᠷᠲᠠᠬᠤᠨ  ᠪ ᠨᠠᠷᠠ
 ᠰᠤᠷᠭᠠᠭᠤᠯᠢ — ᠨᠠᠷᠠ ᠂ ᠂ ᠂ ᠂ ᠂ ᠂

ᠢᠷᠡᠯᠲᠡ – ᠬᠡᠤᠭᠡᠳ ᠨᠠᠰᠤ ᠰᠠᠶ᠋ᠢᠬᠠᠨ
        ᠭᠦᠷᠵᠠᠪ ᠵᠣᠬᠢᠶᠠᠪᠠ
          ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠪᠡ
          ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
          ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
         2004 ᠣᠨ ᠪ 9 ᠰᠠᠷ᠎ᠠ  ᠳᠦ ᠠᠩᠬᠠᠲᠤᠭᠠᠷ ᠬᠡᠪ ᠊ᠢ ᠬᠢᠪᠡ
         2004 ᠣᠨ ᠪ 9 ᠰᠠᠷ᠎ᠠ  ᠳᠦ ᠠᠩᠬ᠎ᠠ ᠤᠲᠠᠬ᠋᠎ᠠ ᠬᠡᠪᠯᠡᠪᠡ

       ᠦᠰᠦᠭ ᠠᠮᠢᠯᠠᠭᠤᠯᠤᠭᠴᠢ ᠄ ᠮᠢᠭᠮᠡᠷ
       ᠬᠢᠨᠠᠭᠴᠢ ᠄ ᠪᠠᠶᠠᠷᠴᠡᠴᠡᠭ ᠪᠠᠭᠰᠢ