ᠴᠣᠮᠣᠷᠯᠢᠬ — ᠮᠢᠨᠦ ᠰᠠᠶ᠋ᠢᠨ ᠨᠠᠶ᠋ᠢᠵᠠ - ᠭᠦᠷᠵᠠᠪ Цоморлог – Миний сайн найз– Гүржав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠣᠮᠣᠷᠯᠢᠬ — ᠮᠢᠨᠦ ᠰᠠᠶ᠋ᠢᠨ ᠨᠠᠶ᠋ᠢᠵᠠ - ᠭᠦᠷᠵᠠᠪ Цоморлог – Миний сайн найз– Гүржав

ᠴᠣᠮᠣᠷᠯᠢᠬ — ᠮᠢᠨᠦ ᠰᠠᠶ᠋ᠢᠨ ᠨᠠᠶ᠋ᠢᠵᠠ - ᠭᠦᠷᠵᠠᠪ Цоморлог – Миний сайн найз– Гүржав

2023-03-08

301

ᠴᠣᠮᠣᠷᠯᠢᠬ — ᠮᠢᠨᠦ ᠰᠠᠶ᠋ᠢᠨ ᠨᠠᠶ᠋ᠢᠵᠠ


             ᠭᠦᠷᠵᠠᠪ

 《 ᠴᠣᠮᠣᠷᠯᠢᠬ 》 —
 ᠮᠢᠨᠦ ᠰᠠᠶ᠋ᠢᠨ ᠨᠠᠶ᠋ᠢᠵᠠ
 ᠴᠤᠬᠤᠮ ‍ᠬᠦ
 ᠰᠡᠤᠠᠬᠢᠯ ᠦ᠋ᠨ ᠮᠢᠨᠢ ᠰᠠᠶ᠋ᠢᠨ ᠨᠠᠶ᠋ᠢᠵᠠ ᠁
 ᠤᠷᠠᠯᠢᠬ ᠰᠣᠲᠣᠨ
 ᠠᠭᠤᠯᠬ᠋᠎ᠠ ᠬᠡᠯᠪᠡᠷᠢ ᠪᠡᠷ ᠶ᠋ᠢᠡᠨ
 ᠤᠬᠠᠭᠠᠨ ᠰᠠᠨᠠᠬ᠋᠎ᠠ ᠶ᠋ᠢ ᠮᠢᠨᠢ
 ᠠᠭᠤᠵᠢᠷᠠᠭᠤᠯᠲᠠᠭ ᠨᠠᠶ᠋ᠢᠵᠠ
 ᠤᠷᠠᠨ ᠨᠠᠷᠢᠯᠢᠬ
 ᠵᠢᠷᠤᠭ ᠭᠣᠶᠣᠯᠠᠯ ᠶ᠋ᠢᠠᠷ ᠶ᠋ᠢᠠᠨ
 ᠤᠷ᠎ᠠ ᠰᠡᠤᠠᠬᠢᠬᠦᠢ ᠶ᠋ᠢ ᠮᠢᠨᠢ
 ᠬᠥᠭᠵᠢᠭᠡᠳᠡᠭ ᠨᠠᠶ᠋ᠢᠵᠠ
 ᠢᠯᠭᠤᠮ ᠲᠣᠲᠣ
 ᠦᠭᠡ ᠬᠡᠯᠡᠯᠭᠡ ᠪᠡᠷ ᠶ᠋ᠢᠡᠨ
 ᠶᠠᠷᠢᠶ᠎ᠠ ᠬᠡᠯᠡ ᠶ᠋ᠢ ᠮᠢᠨᠢ
 ᠵᠥᠭᠰᠢᠷᠡᠭᠦᠯᠳᠡᠭ ᠨᠠᠶ᠋ᠢᠵᠠ
 ᠢᠮᠠᠭᠲᠠ ᠭᠦᠨ
 ᠤᠤᠠᠬ᠎ᠠ ᠰᠡᠲᠦᠪ ᠶ᠋ᠢᠡᠷ ᠶ᠋ᠢᠡᠨ
 ᠢᠷᠠᠭᠤ ᠬᠦᠰᠡᠯᠡᠩ ᠊ᠢ ᠮᠢᠨᠢ
 ᠳᠡᠪᠲᠡᠷᠢᠭᠦᠯᠳᠡᠭ ᠨᠠᠶ᠋ᠢᠵᠠ ᠁
 ᠣᠯᠠᠨ ᠠᠷᠪᠢᠨ
 ᠦᠯᠢᠭᠡᠷ ᠳᠣᠮᠣᠭ ᠶ᠋ᠢᠡᠷ ᠶ᠋ᠢᠡᠨ
 ᠤᠶ᠋ᠢᠤᠠᠬᠠᠷ ᠪᠤᠬᠢᠨᠢᠲᠤᠯ ᠊ᠢ ᠮᠢᠨᠢ
 ᠲᠠᠶ᠋ᠢᠯᠲᠠᠭ ᠨᠠᠶ᠋ᠢᠵᠠ
 ᠣᠨᠴᠠᠭᠠᠢ ᠰᠡᠪᠡᠭᠦᠨ
 ᠵᠢᠯᠣᠭᠣᠲᠤᠯᠬ᠋᠎ᠠ ᠰᠡᠩᠬᠡᠷᠡᠭᠦᠯᠦᠯ ᠶ᠋ᠢᠡᠷ ᠶ᠋ᠢᠡᠨ
 ᠣᠷᠣᠯᠲᠣᠯᠬ᠋᠎ᠠ ᠰᠣᠨᠢᠭᠤᠴᠢᠯᠠᠯ ᠊ᠢ ᠮᠢᠨᠢ
 ᠨᠡᠭᠡᠭᠡᠭᠳᠡᠭᠦᠯᠳᠡᠭ ᠨᠠᠶ᠋ᠢᠵᠠ
 ᠰᠠᠶ᠋ᠢᠬᠠᠨ ᠨᠠᠨᠲᠢᠨ
 ᠰᠠᠨᠠᠭᠤᠯᠬ᠋᠎ᠠ ᠰᠤᠷᠭᠠᠯ ᠶ᠋ᠢᠠᠷ ᠶ᠋ᠢᠠᠨ
 ᠰᠠᠬᠢᠯᠬ᠋᠎ᠠ ᠵᠢᠷᠤᠮᠯᠠᠯ ᠊ᠢ ᠮᠢᠨᠢ
 ᠲᠢᠭᠯᠡᠳᠡᠭ ᠨᠠᠶ᠋ᠢᠵᠠ
 ᠰᠠᠶ᠋ᠢᠲᠤᠷ ᠰᠤᠷᠤᠯᠴᠠᠬᠤ —
 ᠤᠷᠢᠶᠠᠯᠠᠬ᠋᠎ᠠ ᠱᠠᠭᠠᠷᠲᠠᠯᠬ᠋᠎ᠠ ᠪᠠᠷ ᠶ᠋ᠢᠠᠨ
 ᠰᠢᠮᠲᠠᠯᠬ᠋᠎ᠠ ᠴᠢᠷᠮᠠᠶ᠋ᠢᠯᠬ᠋᠎ᠠ ᠶ᠋ᠢ ᠮᠢᠨᠢ
 ᠬᠥᠪᠴᠢᠯᠡᠳᠡᠭ ᠨᠠᠶ᠋ᠢᠵᠠ ᠁
 《 ᠴᠣᠮᠣᠷᠯᠢᠬ 》 —
 ᠮᠢᠨᠦ ᠰᠠᠶ᠋ᠢᠨ ᠨᠠᠶ᠋ᠢᠵᠠ
 ᠴᠤᠬᠤᠮ ‍ᠬᠦ
 ᠰᠡᠤᠠᠬᠢᠯ ᠦ᠋ᠨ ᠮᠢᠨᠢ ᠰᠠᠶ᠋ᠢᠨ ᠨᠠᠶ᠋ᠢᠵᠠ !

ᠢᠷᠡᠯᠲᠡ – ᠬᠡᠤᠭᠡᠳ ᠨᠠᠰᠤ ᠰᠠᠶ᠋ᠢᠬᠠᠨ
        ᠭᠦᠷᠵᠠᠪ ᠵᠣᠬᠢᠶᠠᠪᠠ
          ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠪᠡ
          ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
          ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
         2004 ᠣᠨ ᠪ 9 ᠰᠠᠷ᠎ᠠ  ᠳᠦ ᠠᠩᠬᠠᠲᠤᠭᠠᠷ ᠬᠡᠪ ᠊ᠢ ᠬᠢᠪᠡ
         2004 ᠣᠨ ᠪ 9 ᠰᠠᠷ᠎ᠠ  ᠳᠦ ᠠᠩᠬ᠎ᠠ ᠤᠲᠠᠬ᠋᠎ᠠ ᠬᠡᠪᠯᠡᠪᠡ

        ᠦᠰᠦᠭ ᠠᠮᠢᠯᠠᠭᠤᠯᠤᠭᠴᠢ ᠄  ᠪᠣᠷᠭᠢᠯ
         ᠬᠢᠨᠠᠭᠴᠢ ᠄ ᠪᠠᠶᠠᠷᠴᠡᠴᠡᠭ  ᠪᠠᠭᠰᠢ
               2023 ᠣᠨ ᠪ 3 ᠰᠠᠷ᠎ᠠ ᠶ᠋ᠢᠨ 4 ᠪ ᠡᠲᠦᠷ