ᠬᠠᠲᠠᠨ ᠡᠩᠭᠡᠷ- ᠭ · ᠴᠢᠩᠪᠠᠭᠠᠲᠤᠷХадан энгэр-Г·Чинбаатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠲᠠᠨ ᠡᠩᠭᠡᠷ- ᠭ · ᠴᠢᠩᠪᠠᠭᠠᠲᠤᠷХадан энгэр-Г·Чинбаатар

ᠬᠠᠲᠠᠨ ᠡᠩᠭᠡᠷ- ᠭ · ᠴᠢᠩᠪᠠᠭᠠᠲᠤᠷХадан энгэр-Г·Чинбаатар

2023-03-08

339

ᠬᠠᠲᠠᠨ ᠡᠩᠭᠡᠷ

    ᠭ · ᠴᠢᠩᠪᠠᠭᠠᠲᠤᠷ
ᠲᠡᠮᠡᠭᠡᠨ ᠪ ᠨᠣᠣᠰᠣ ᠭᠣᠣᠵᠢᠬᠤ ᠰᠢᠭ᠋
ᠡᠩᠭᠡᠷ ᠦ᠋ᠨ ᠴᠠᠰᠤ ᠴᠣᠬᠣᠷᠲᠠᠨ᠎ᠠ
ᠲᠡᠨᠲᠡ ᠬᠠᠪᠤᠷ ᠢᠷᠡᠵᠡᠢ ᠭᠡᠵᠦ
ᠬᠠᠲᠠᠨ ᠡᠩᠭᠡᠷ ᠊ᠢ ᠠᠪᠤ ᠵᠢᠭᠠᠭᠰᠠᠭᠠᠷ
ᠬᠠᠪᠰᠠᠷᠬ᠋᠎ᠠ ᠦᠩᠭᠡᠷᠡᠬᠦ ᠨᠢ ᠡ ᠭᠡᠵᠦ
ᠡᠵᠢ  ᠳᠤ ᠶᠠᠷᠢᠨ᠎ᠠ
ᠥᠷᠯᠥᠭᠡ ᠪᠣᠯᠭᠠᠨ ᠬᠣᠨᠢᠳ ᠮᠢᠨᠢ
ᠡᠩᠭᠡᠷ ᠤᠷᠤᠭᠤ ᠪᠡᠯᠴᠢᠨ᠎ᠡ
ᠡᠪᠦᠯ ᠡᠴᠡ ᠬᠠᠪᠤᠷ ᠤᠷᠤᠭᠤ ᠴᠤᠪᠤᠬᠤ ᠰᠢᠭ᠋
ᠤᠷᠠᠩᠬᠠᠢ ᠴᠠᠰᠤᠨ ᠪ ᠵᠠᠢ ᠪᠡᠷ ᠭᠤᠲᠤᠴᠢᠬᠰᠠᠭᠠᠷ
ᠬᠠᠭᠵᠠᠷᠠᠭᠰᠠᠨ ᠲᠠᠯ᠎ᠠ ᠶ᠋ᠢᠨ ᠴᠤᠭᠤᠷᠬᠠᠢ ᠶ᠋ᠢ ᠨᠥᠬᠥᠬᠦ ᠰᠢᠭ᠌
ᠪᠠᠷᠠᠭᠠᠨᠲᠤᠭᠰᠠᠨ ᠡᠩᠭᠡᠷ ᠲᠣᠨᠢ ᠲᠣᠭᠲᠠᠲᠠᠭ ᠃
ᠬᠠᠲᠠᠨ ᠡᠩᠭᠡᠷ ᠦ᠋ᠨ ᠴᠠᠰᠤ ᠳᠠᠭᠤᠴᠢᠵᠤ
ᠬᠠᠪᠤᠷ ᠢᠷᠡᠲᠡᠭ
ᠬᠠᠲᠠᠨ ᠡᠩᠬᠡᠷ ᠎ᠲᠦ᠍ ᠮᠢᠨᠢ ᠪᠠᠶ᠋ᠢᠵᠠᠨᠠᠵᠤ ᠪᠠᠶ᠋ᠢᠭᠠᠳ
ᠬᠠᠶᠠᠭᠠᠨ ᠳᠤ ᠢᠷᠡᠲᠡᠭ
ᠡᠩᠭᠡᠷ ᠦ᠋ᠨ ᠬᠠᠶ᠋ᠢᠯ ᠪᠡᠯ ᠤᠷᠤᠭᠤ ᠪᠠᠨ ᠰᠢᠮᠡᠤᠠᠬᠦ ᠳᠤ
ᠡᠬᠢᠨ ᠪ ᠰᠢᠪᠠᠭᠤᠳ ᠲᠩᠷᠢ ᠪᠡᠷ ᠢᠷᠡᠲᠡᠭ
ᠵᠠᠶ᠋ᠢᠷᠮᠠᠭ ᠬᠠᠯᠢᠶ᠎ᠠ ᠲᠠᠯ᠎ᠠ ᠳ᠋ᠠᠭᠠᠨ ᠪᠠᠭᠤᠬᠤ ᠳᠤ

ᠵᠠᠯᠠᠨ ᠪ ᠮᠢᠨᠢ ᠬᠠᠵᠠᠭᠤ ᠳᠤ ᠤᠷᠢ ᠢᠷᠡᠲᠡᠭ
ᠡᠩᠭᠡᠷ ᠦ᠋ᠨ ᠴᠠᠰᠤ
ᠡᠩᠭᠡᠷ ᠶ᠋ᠢᠡᠨ ᠢᠷᠠᠬᠤ ᠦᠭᠡᠢ ᠪᠣᠯ
ᠡᠵᠢ ᠶ᠋ᠢᠨ ᠮᠢᠨᠢ ᠴᠢᠷᠠᠢ ᠡᠴᠡ
ᠶᠠᠲᠠᠷᠠᠬ᠋᠎ᠠ ᠠᠷᠢᠯᠲᠠᠭ ᠦᠭᠡᠢ
ᠡᠯᠢᠭᠡᠨ ᠬᠠᠲᠠᠨ ᠳᠤᠨᠢ ᠪᠦᠪᠡᠭᠡᠯᠵᠢ ᠳᠣᠣᠭᠠᠷᠬᠤ ᠦᠭᠡᠢ ᠪᠤᠯ
ᠮᠠᠶ᠋ᠢᠬᠠᠨᠲᠤ ᠶ᠋ᠢᠨ ᠬᠠᠲᠠᠨ ᠳᠤ ᠠᠶ᠋ᠢᠷᠠᠭ ᠴᠢᠬᠢᠯᠡᠲᠡᠭ ᠦᠭᠡᠢ ᠃
ᠲᠤᠶ᠋ᠢᠬ ᠦ᠋ᠨ ᠳᠠᠭᠤᠨ ᠰᠠᠭᠠᠮᠠᠰᠢᠬᠰᠠᠨ ᠬᠤᠨᠢᠳ
ᠲᠣᠩᠭᠣᠶ᠋ᠢᠨ ᠲᠣᠩᠭᠣᠶ᠋ᠢᠨ ᠬᠤᠷᠠᠬ᠋᠎ᠠ ᠪᠠᠨ ᠦᠨᠦᠷᠯᠡᠬᠦ ᠳᠤ
ᠰᠥᠭᠥᠲᠦᠭᠰᠡᠨ ᠬᠤᠷᠠᠭᠠᠨ ᠪ ᠡᠪᠦᠲᠦᠭ ᠳᠣᠣᠷ᠎ᠠ
ᠰᠥᠬᠥ ᠴᠠᠰᠤ ᠤᠶᠠᠷᠠᠲᠠᠭ ᠦ᠋ᠨ ᠠᠲᠠᠯᠢ
ᠡᠪᠦᠯ ᠦ᠋ᠨ ᠡᠷᠴᠢ ᠴᠦ᠍ ᠬᠠᠲᠠᠨ ᠡᠩᠭᠡᠷ ᠲᠤ
ᠡᠪᠦᠲᠦᠭ ᠰᠥᠭᠥᠤᠠᠴᠢᠬᠡᠭᠡᠳ ᠰᠢᠪᠠᠭᠤᠳ ᠲᠠᠢ ᠵᠥᠷᠢᠲᠡᠭ  ᠃

ᠬᠠᠲᠠ ᠴᠢᠨᠢ ᠬᠡᠯᠲᠡᠷᠡᠵᠦ ᠬᠠᠶ᠋ᠢᠷ ᠨᠢ ᠤᠨᠠᠬᠤ ᠰᠢᠭ᠋
ᠬᠠᠮᠢᠬ᠋᠎ᠠ ᠨᠢᠭᠡᠲᠡᠭᠡ ᠪᠢ ᠴᠤ᠌ ᠤᠨᠠᠨ᠎ᠠ
ᠨᠠᠷᠠᠨ ᠪ ᠰᠡᠭᠦᠲᠡᠷ ᠡᠴᠡ ᠰᠠᠯᠵᠤ
ᠭᠠᠵᠠᠷ᠎ ᠲᠤ᠌᠎ ᠪᠠᠨ ᠪᠤᠴᠠᠬᠤ ᠶ᠋ᠢᠨ ᠴᠠᠭ ᠲᠤ
ᠨᠢᠯᠬ᠎ᠠ ᠶᠤᠮ ᠰᠢᠭ᠋ ᠡᠷᠬᠡᠯᠡᠵᠦ
ᠪᠦᠯᠢᠶᠡᠨ ᠡᠩᠭᠡᠷ ᠲᠤ ᠴᠢᠨᠢ ᠬᠡᠪᠲᠡᠨ᠎ᠡ

ᠬᠠᠲᠠᠨ ᠡᠩᠭᠡᠷ ᠲᠡᠭᠡᠨ ᠪᠢ
ᠨᠢᠲᠦ ᠠᠨᠢᠬᠤ ᠪᠣᠶᠠᠨ ᠲᠠᠢ ᠪᠤᠯ
ᠬᠠᠵᠠᠭᠤ ᠳᠤ ᠮᠢᠨᠢ ᠳ᠋ᠸᠪᠡᠵᠠᠨ ᠪᠠᠶ᠋ᠢᠬᠰᠠᠨ ᠴᠦ᠍ ᠣᠴᠢᠬᠤ ᠦᠭᠡᠢ
ᠬᠠᠲᠠᠨ ᠡᠩᠭᠡᠷ ᠲᠡᠭᠡᠨ ᠪᠢ
ᠲᠠᠬᠢᠵᠤ ᠲᠦᠷᠦᠬᠦ ᠵᠠᠶᠠᠬ᠋᠎ᠠ ᠲᠠᠢ ᠶᠤᠮ ᠪᠤᠯ
ᠬᠠᠷᠢᠨ ᠳ᠋ᠸᠪᠡᠵᠠᠨ ᠡᠴᠡ ᠴᠦ᠍ ᠰᠦᠨᠡᠰᠦ ᠮᠢᠨᠢ ᠤᠷᠭᠤᠨ᠎ᠠ ᠳ᠋ᠠ

  2000.04.24
ᠦᠰᠦᠭ  ᠠᠮᠢᠯᠠᠭᠤᠯᠤᠭᠴᠢ ᠄ ᠪᠣᠣ ᠴᠢᠩ ᠬᠤ᠌
ᠬᠢᠨᠠᠬᠴᠢ ᠄ ᠮᠥᠴᠢᠷ