ᠮᠣᠩᠭᠣᠯ ᠬᠥᠮᠦᠨ- ᠳᠤᠯᠠᠭᠠᠨМонгол хүн-дулаан
ᠮᠣᠩᠭᠣᠯ ᠬᠥᠮᠦᠨ
ᠮᠣᠩᠭᠣᠯ ᠬᠥᠮᠦᠨ- ᠳᠤᠯᠠᠭᠠᠨ
— ᠳᠤᠯᠠᠭᠠᠨ
1.
ᠮᠣᠩᠭᠣᠯ
ᠬᠥᠮᠦᠨ ᠪᠣᠯ ᠴᠢᠩᠭᠢᠰ ᠬᠠᠭᠠᠨ ᠮᠥᠨ
ᠮᠣᠩᠭᠣᠯ
ᠬᠥᠮᠦᠨ ᠪᠣᠯ ᠥᠷᠥᠨᠡᠳᠠᠬᠢᠨ ᠤ ᠡᠪᠳᠡᠷᠬᠡᠢ ᠪᠠᠯᠭᠠᠳ ᠮᠥᠨ
ᠮᠣᠩᠭᠣᠯ
ᠬᠥᠮᠦᠨ ᠪᠣᠯ ᠮᠢᠨᠦ ᠤᠩᠰᠢᠳᠠᠭ 《 ᠨᠢᠭᠤᠴᠠ ᠲᠣᠪᠴᠢᠶᠠᠨ 》ᠮᠦᠨ
ᠮᠣᠩᠭᠣᠯ
ᠬᠥᠮᠦᠨ ᠪᠣᠯ ᠷᠠᠰᠢᠳ᠋ — ᠠᠳ᠋ — ᠳ᠋ᠢᠨ ᠦ 《 ᠰᠤᠳᠤᠷ ᠤᠨ
ᠴᠢᠭᠤᠯᠭᠠᠨ 》 ᠮᠦᠨ
ᠮᠣᠩᠭᠣᠯ
ᠬᠥᠮᠦᠨ ᠪᠣᠯ ᠴᠠᠭᠠᠨ ᠬᠡᠷᠡᠮ ᠢ ᠨᠤᠷᠠᠭᠠᠭᠰᠠᠨ
ᠦᠶᠡᠷ ᠮᠦᠨ
ᠮᠣᠩᠭᠣᠯ
ᠬᠥᠮᠦᠨ ᠪᠣᠯ ᠴᠠᠭ ᠠ᠋ᠴᠠ ᠪᠠᠨ ᠡᠮᠦᠨ᠎ᠡ ᠲᠠᠲᠠᠭᠤᠷᠠᠵᠤ ᠪᠣᠰᠤᠭᠰᠠᠨ ᠳᠠᠪᠠᠯᠭᠠᠨ ᠮᠥᠨ
2.
ᠮᠣᠩᠭᠣᠯ
ᠬᠥᠮᠦᠨ ᠪᠣᠯ ᠨᠢᠭᠡ ᠭᠣᠣᠯ ᠤᠨ ᠥᠷᠥᠭᠡᠰᠦᠨ ᠡᠷᠬᠢ
ᠮᠣᠩᠭᠣᠯ
ᠬᠥᠮᠦᠨ ᠪᠣᠯ ᠮᠣᠷᠢᠨ ᠲᠤᠭᠤᠷᠠᠢ ᠳᠣᠣᠷᠠᠬᠢ ᠬᠣᠶᠠᠷ ᠲᠢᠪ ᠦᠨ ᠤᠷᠠᠩᠬᠠᠢ ᠵᠢᠷᠤᠭ
ᠮᠣᠩᠭᠣᠯ
ᠬᠥᠮᠦᠨ ᠪᠣᠯ ᠬᠠᠷᠠᠯᠲᠠ ᠪᠠᠨ ᠣᠨᠣᠭᠰᠠᠨ ᠳᠣᠭᠰᠢᠨ ᠬᠠᠷ᠎ᠠ ᠰᠤᠮᠤ
ᠮᠣᠩᠭᠣᠯ
ᠬᠥᠮᠦᠨ ᠪᠣᠯ ᠬᠤᠭᠤᠷᠠᠬᠤ ᠠ᠋ᠴᠠ ᠪᠢᠰᠢ ᠰᠤᠯᠠᠷᠠᠳᠠᠭ ᠦᠭᠡᠢ ᠨᠤᠮᠤ
ᠮᠣᠩᠭᠣᠯ
ᠬᠥᠮᠦᠨ ᠪᠣᠯ ᠲᠣᠭᠣᠨᠣ ᠪᠠᠷ ᠬᠠᠷᠠᠭᠳᠠᠬᠤ ᠲᠩᠷᠢ ᠮᠦᠨ
ᠮᠣᠩᠭᠣᠯ
ᠬᠥᠮᠦᠨ ᠪᠣᠯ ᠮᠣᠷᠢᠨ ᠨᠢᠷᠤᠭᠤᠨ
ᠳᠡᠭᠡᠷᠡᠬᠢ ᠳᠡᠯᠡᠬᠡᠢ ᠮᠦᠨ
3.
ᠮᠣᠩᠭᠣᠯ
ᠬᠥᠮᠦᠨ ᠪᠣᠯ ᠰᠡᠳᠬᠢᠯ ᠳᠦ ᠬᠠᠮᠤᠭ ᠣᠶ᠋ᠢᠷ᠎ᠠ ᠵᠠᠢ ᠮᠥᠨ
ᠮᠣᠩᠭᠣᠯ
ᠬᠥᠮᠦᠨ ᠪᠣᠯ ᠰᠡᠳᠬᠢᠬᠦᠢ ᠳᠦ ᠬᠠᠮᠤᠭ ᠬᠣᠯᠠ ᠵᠠᠢ ᠮᠥᠨ
ᠮᠣᠩᠭᠣᠯ
ᠬᠥᠮᠦᠨ ᠪᠣᠯ ᠡᠷᠭᠦᠨ᠎ᠡ ᠬᠤᠨ ᠳᠦ ᠬᠠᠰᠢᠬᠳᠠᠭᠰᠠᠨ ᠦᠭᠡᠢ ᠬᠦᠳᠡᠷ ᠦᠨ ᠨᠣᠴᠣᠮᠠᠯ ᠤᠷᠤᠰᠬᠠᠯ
ᠮᠣᠩᠭᠣᠯ
ᠬᠥᠮᠦᠨ ᠪᠣᠯ ᠡᠷᠭᠦᠨ᠎ᠡ ᠬᠤᠨ ᠳ᠋ᠠᠭᠠᠨ
ᠪᠤᠴᠠᠨ᠎ᠠ ᠭᠡᠳ ᠡᠷᠢᠵᠦ ᠣᠯᠬᠤ ᠦᠭᠡᠢ ᠪᠠᠶ᠋ᠢᠭ᠎ᠠ ᠪᠦᠷᠭᠦᠳ
4.
ᠮᠣᠩᠭᠣᠯ
ᠬᠥᠮᠦᠨ ᠪᠣᠯ ᠴᠤᠭᠯᠠᠷᠠᠵᠤ ᠰᠠᠭᠤᠭᠰᠠᠨ ᠳᠣᠮᠣᠭ ᠮᠥᠨ
ᠮᠣᠩᠭᠣᠯ
ᠬᠥᠮᠦᠨ ᠪᠣᠯ ᠴᠤᠪᠤᠵᠤ ᠶᠠᠪᠤᠭᠰᠠᠨ ᠡᠨᠳᠡᠭᠦᠷᠡᠯ ᠮᠦᠨ
ᠮᠣᠩᠭᠣᠯ
ᠬᠥᠮᠦᠨ ᠪᠣᠯ ᠤᠰᠤᠨ ᠠ᠋ᠴᠠ ᠭᠠᠷᠤᠭᠠᠳ ᠤᠳᠠᠵᠤ ᠪᠠᠶ᠋ᠢᠭ᠎ᠠ ᠣᠩᠭᠣᠴᠠ
ᠮᠣᠩᠭᠣᠯ
ᠬᠥᠮᠦᠨ ᠪᠣᠯ ᠤᠮᠠᠷ᠎ᠠ ᠵᠦᠭ ᠦᠨ ᠥᠨᠳᠥᠷᠯᠢᠭ ᠡᠴᠡ ᠵᠢᠯ ᠵᠢᠯ ᠪᠣᠰᠳᠠᠭ ᠰᠢᠭᠤᠷᠭ᠎ᠠ
ᠮᠣᠩᠭᠣᠯ
ᠬᠥᠮᠦᠨ ᠪᠣᠯ ᠪᠦᠷᠢᠶᠡᠨ ᠳᠠᠭᠤᠨ ᠳᠤ ᠪᠥᠷᠲᠥᠯᠵᠡᠭᠰᠡᠨ ᠰᠦᠮ᠎ᠡ ᠶ᠋ᠢᠨ ᠣᠷᠣᠶ᠋ᠢᠳ ᠮᠥᠨ
ᠮᠣᠩᠭᠣᠯ
ᠬᠥᠮᠦᠨ ᠪᠣᠯ ᠬᠡᠷᠢᠶᠡᠨ ᠳᠠᠭᠤᠨ ᠠ᠋ᠴᠠ ᠵᠢᠭᠰᠢᠳᠡᠭ ᠴᠠᠭᠠᠨ ᠪᠤᠭᠤᠷᠤᠯ ᠰᠦᠰᠦᠭ ᠮᠦᠨ
ᠮᠣᠩᠭᠣᠯ
ᠬᠥᠮᠦᠨ ᠪᠣᠯ ᠳᠥᠷᠪᠡ ᠬᠡᠰᠡᠭᠯᠡᠵᠦ ᠤᠷᠠᠭᠰᠠᠨ ᠥᠪ ᠵᠠᠯᠭᠠᠮᠵᠢᠯᠠᠬᠤ ᠪᠢᠴᠢᠭ ᠮᠦᠨ
ᠮᠣᠩᠭᠣᠯ
ᠬᠥᠮᠦᠨ ᠪᠣᠯ ᠳᠤᠮᠳᠠᠭᠤᠷ ᠨᠢ ᠬᠡᠷᠴᠢᠭᠡᠳ ᠦᠷ᠎ᠡ ᠶ᠋ᠢ ᠨᠢ ᠲᠡᠭᠦᠵᠦ ᠢᠳᠡᠳᠡᠭ ᠵᠢᠮᠢᠰ
ᠮᠦᠨ
5.
ᠮᠣᠩᠭᠣᠯ
ᠬᠥᠮᠦᠨ ᠪᠣᠯ ᠭᠤᠯᠳᠤ ᠪᠠᠷ ᠪᠢᠴᠢᠳᠡᠭ ᠦᠰᠦᠭ ᠮᠦᠨ
ᠮᠣᠩᠭᠣᠯ
ᠬᠥᠮᠦᠨ ᠪᠣᠯ ᠬᠥᠨᠳᠡᠯᠡᠨ ᠢᠶ᠋ᠡᠷ ᠪᠢᠴᠢᠭᠳᠡᠭᠰᠡᠨ ᠲᠡᠦᠬᠡ ᠮᠦᠨ
ᠮᠣᠩᠭᠣᠯ
ᠬᠥᠮᠦᠨ ᠪᠣᠯ ᠬᠠᠮᠤᠭ ᠰᠠᠶ᠋ᠢᠬᠠᠨ ᠰᠢᠯᠦᠭ ᠮᠦᠨ
ᠮᠣᠩᠭᠣᠯ
ᠬᠥᠮᠦᠨ ᠪᠣᠯ ᠬᠠᠮᠤᠭ ᠪᠦᠳᠡᠬᠢ ᠥᠭᠦᠯᠡᠪᠦᠷᠢ ᠮᠦᠨ
ᠮᠣᠩᠭᠣᠯ
ᠬᠥᠮᠦᠨ ᠪᠣᠯ ᠶᠠᠷᠢᠬᠤ ᠳᠤ ᠬᠠᠮᠤᠭ ᠬᠢᠯᠪᠠᠷ ᠦᠯᠢᠭᠡᠷ ᠮᠦᠨ
ᠮᠣᠩᠭᠣᠯ
ᠬᠥᠮᠦᠨ ᠪᠣᠯ ᠮᠠᠷᠲᠠᠬᠤ ᠳᠤ ᠬᠠᠮᠤᠭ
ᠬᠢᠯᠪᠠᠷ ᠳᠤᠷᠠᠳᠬᠠᠯ ᠮᠥᠨ
ᠮᠣᠩᠭᠣᠯ
ᠬᠥᠮᠦᠨ ᠪᠣᠯ ᠳᠠᠭᠤᠯᠠᠭᠠᠳ ᠬᠠᠨᠤᠬᠤ ᠦᠭᠡᠢ ᠤᠷᠲᠤ ᠶ᠋ᠢᠨ ᠳᠠᠭᠤᠤ
ᠮᠣᠩᠭᠣᠯ
ᠬᠥᠮᠦᠨ ᠪᠣᠯ ᠤᠬᠢᠯᠠᠵᠤ ᠰᠤᠷᠤᠭᠰᠠᠨ ᠦᠭᠡᠢ ᠭᠤᠨᠢᠬᠲᠤ ᠵᠦᠴᠦᠭᠡ
6.
ᠮᠣᠩᠭᠣᠯ
ᠬᠥᠮᠦᠨ ᠪᠣᠯ ᠬᠠᠷ᠎ᠠ ᠴᠠᠭᠠᠨ ᠬᠣᠶᠠᠷᠬᠠᠨ ᠥᠩᠭᠡᠲᠦ ᠵᠢᠷᠤᠭ ᠮᠥᠨ
ᠮᠣᠩᠭᠣᠯ
ᠬᠥᠮᠦᠨ ᠪᠣᠯ ᠬᠠᠯᠠᠬᠤ ᠳ᠋ᠠᠭᠠᠨ ᠲᠡᠯᠡᠵᠦ ᠬᠦᠷᠦᠬᠦ
ᠳ᠋ᠡᠭᠡᠨ ᠠᠪᠴᠢᠳᠠᠭ ᠪᠣᠯᠣᠳ ᠮᠥᠨ
ᠮᠣᠩᠭᠣᠯ
ᠬᠥᠮᠦᠨ ᠪᠣᠯ ᠲᠡᠷᠭᠡᠯᠯᠡᠬᠦ ᠶ᠋ᠢ ᠰᠠᠨᠠᠳᠠᠭ ᠬᠠᠪᠢᠷᠭᠠᠨ ᠰᠠᠷ᠎ᠠ
ᠮᠣᠩᠭᠣᠯ
ᠬᠥᠮᠦᠨ ᠪᠣᠯ ᠬᠠᠪᠢᠷᠭᠠᠯᠠᠬᠤ ᠭᠡᠵᠦ ᠶᠠᠭᠠᠷᠠᠳᠠᠭ ᠲᠡᠷᠭᠡᠯ ᠰᠠᠷ᠎ᠠ
7.
ᠮᠣᠩᠭᠣᠯ
ᠬᠥᠮᠦᠨ ᠪᠣᠯ ᠥᠷᠥᠭᠡᠯ ᠳᠦ ᠬᠡᠯᠡᠭᠰᠡᠨ ᠬᠠᠮᠤᠭ ᠦᠨᠡᠨᠴᠢ ᠦᠭᠡ
ᠮᠣᠩᠭᠣᠯ
ᠬᠥᠮᠦᠨ ᠪᠣᠯ ᠥᠪᠡᠷ ᠢ ᠪᠡᠨ ᠮᠡᠬᠡᠯᠡᠭᠰᠡᠨ ᠬᠠᠮᠤᠭ ᠬᠤᠳᠠᠯ ᠦᠭᠡ
ᠮᠣᠩᠭᠣᠯ
ᠬᠥᠮᠦᠨ ᠪᠣᠯ ᠲᠠᠰᠤ ᠵᠠᠭᠤᠭᠰᠠᠨ ᠬᠥᠮᠥᠭᠡᠢ ᠪᠡᠷ ᠤᠷᠤᠰᠴᠤ ᠪᠠᠶ᠋ᠢᠭ᠎ᠠ ᠴᠢᠰᠤ
ᠮᠣᠩᠭᠣᠯ
ᠬᠥᠮᠦᠨ ᠪᠣᠯ ᠰᠠᠯᠪᠠᠷᠠᠭᠰᠠᠨ ᠴᠡᠴᠡᠭ ᠦᠨ ᠳᠡᠯᠪᠢ ᠳᠡᠭᠡᠷ᠎ᠡ ᠳᠤᠰᠤᠯᠠᠵᠤ ᠪᠠᠶ᠋ᠢᠭ᠎ᠠ ᠨᠢᠯᠪᠤᠰᠤ
ᠮᠣᠩᠭᠣᠯ
ᠬᠥᠮᠦᠨ ᠪᠣᠯ ᠬᠠᠭᠠᠷᠠᠬᠤ ᠠ᠋ᠴᠠ ᠪᠢᠰᠢ ᠨᠤᠷᠠᠳᠠᠭ ᠦᠭᠡᠢ ᠬᠠᠳᠠ
ᠮᠣᠩᠭᠣᠯ
ᠬᠥᠮᠦᠨ ᠪᠣᠯ ᠢᠯᠴᠢ ᠳᠠᠭᠠᠭᠠᠬᠤ ᠦᠭᠡᠢ ᠬᠠᠶ᠋ᠢᠯᠵᠤ ᠤᠷᠤᠰᠳᠠᠭ ᠮᠥᠰᠥ
8.
ᠮᠣᠩᠭᠣᠯ
ᠬᠥᠮᠦᠨ ᠪᠣᠯ ᠠᠷᠪᠠᠨ ᠭᠤᠷᠪᠠᠳᠤᠭᠠᠷ ᠵᠠᠭᠤᠨ ᠤ ᠪᠠᠯᠠᠷᠠᠬᠤ ᠦᠭᠡᠢ ᠲᠣᠲ᠋ᠧᠮ
ᠮᠣᠩᠭᠣᠯ
ᠬᠥᠮᠦᠨ ᠪᠣᠯ ᠠᠷᠪᠠᠨ ᠭᠤᠷᠪᠠᠳᠤᠭᠠᠷ ᠵᠠᠭᠤᠨ ᠤ ᠨᠢᠭᠡᠨᠲᠡ ᠳᠠᠭᠤᠰᠤᠭᠰᠠᠨ ᠳᠠᠶ᠋ᠢᠨ
ᠮᠣᠩᠭᠣᠯ
ᠬᠥᠮᠦᠨ ᠪᠣᠯ ᠥᠪᠡᠷ ᠢᠶ᠋ᠡᠨ ᠪᠣᠰᠳᠠᠭ ᠰᠦᠯᠳᠡ
ᠮᠣᠩᠭᠣᠯ
ᠬᠥᠮᠦᠨ ᠪᠣᠯ ᠥᠪᠡᠷ ᠢᠶ᠋ᠡᠨ ᠣᠶ᠋ᠢᠴᠢᠳᠠᠭ ᠪᠦᠬᠡ
ᠮᠣᠩᠭᠣᠯ
ᠬᠥᠮᠦᠨ ᠪᠣᠯ ᠮᠤᠨᠢ ᠠᠭᠤᠯᠠ ᠮᠥᠨ
ᠮᠣᠩᠭᠣᠯ
ᠬᠥᠮᠦᠨ ᠪᠣᠯ ᠮᠤᠨᠢ ᠠᠭᠤᠯᠠ ᠪᠠᠷ ᠬᠠᠯᠬᠠᠪᠴᠢ ᠪᠣᠯᠭᠠᠳᠠᠭ ᠴᠡᠩᠬᠡᠷ ᠢᠷᠭᠤᠢ ᠮᠥᠨ
ᠮᠣᠩᠭᠣᠯ
ᠬᠥᠮᠦᠨ ᠪᠣᠯ ᠰᠠᠯᠬᠢᠨ ᠳᠤ ᠤᠨᠠᠳᠠᠭ ᠦᠭᠡᠢ ᠶᠢᠰᠦᠨ ᠬᠥᠯᠲᠦ ᠲᠤᠭ
ᠮᠣᠩᠭᠣᠯ
ᠬᠥᠮᠦᠨ ᠪᠣᠯ ᠮᠠᠨᠳᠤᠬᠠᠢ ᠰᠡᠴᠡᠨ ᠬᠠᠲᠤᠨ ᠤ ᠪᠦᠴᠡ ᠨᠢ ᠠᠯᠳᠠᠷᠠᠭᠰᠠᠨ ᠮᠠᠯᠠᠭᠠᠢ
9.
ᠮᠣᠩᠭᠣᠯ
ᠬᠥᠮᠦᠨ ᠪᠣᠯ ᠮᠠᠷᠲᠠᠵᠤ ᠣᠷᠬᠢᠬᠰᠠᠨ ᠭᠠᠵᠠᠷ ᠰᠢᠷᠣᠢ ᠮᠥᠨ
ᠮᠣᠩᠭᠣᠯ
ᠬᠥᠮᠦᠨ ᠪᠣᠯ ᠭᠡᠭᠡᠵᠦ ᠴᠢᠳᠠᠬᠤ ᠦᠭᠡᠢ ᠨᠢᠭᠡ ᠠᠳᠬᠤ ᠰᠢᠷᠣᠢ ᠮᠥᠨ
ᠮᠣᠩᠭᠣᠯ
ᠬᠥᠮᠦᠨ ᠪᠣᠯ ᠡᠪᠦᠯ ᠦᠨ ᠰᠥᠨᠢ ᠶ᠋ᠢᠨ ᠲᠦᠳᠡᠭ
ᠮᠣᠩᠭᠣᠯ
ᠬᠥᠮᠦᠨ ᠪᠣᠯ ᠵᠤᠨ ᠤ ᠦᠳᠡ ᠶ᠋ᠢᠨ ᠰᠡᠭᠦᠳᠡᠷ
10.
ᠮᠣᠩᠭᠣᠯ
ᠬᠥᠮᠦᠨ ᠪᠣᠯ ᠳᠠᠯᠠᠢ ᠳᠤ ᠴᠢᠳᠬᠤᠵᠤ ᠴᠢᠳᠠᠭᠠᠳᠤᠢ ᠮᠥᠷᠡᠨ ᠮᠦᠨ
ᠮᠣᠩᠭᠣᠯ
ᠬᠥᠮᠦᠨ ᠪᠣᠯ ᠳᠠᠯᠠᠢ ᠬᠦᠰᠡᠵᠦ ᠤᠳᠠᠭᠰᠠᠨ ᠮᠥᠷᠡᠨ ᠮᠦᠨ
ᠮᠣᠩᠭᠣᠯ
ᠬᠥᠮᠦᠨ ᠪᠣᠯ ᠴᠢᠰᠤ ᠳᠤᠰᠤᠯᠠᠭᠰᠠᠨ ᠰᠢᠷᠬ᠎ᠠ ᠲᠠᠢ ᠨᠠᠷᠠ
ᠮᠣᠩᠭᠣᠯ
ᠬᠥᠮᠦᠨ ᠪᠣᠯ ᠨᠢᠯᠪᠤᠰᠤ ᠳᠤᠰᠤᠯᠠᠭᠰᠠᠨ ᠨᠣᠶ᠋ᠢᠲᠠᠨ ᠰᠠᠷ᠎ᠠ
ᠮᠣᠩᠭᠣᠯ
ᠬᠥᠮᠦᠨ ᠪᠣᠯ ᠠᠭᠲᠠ ᠶ᠋ᠢᠨ ᠨᠢᠷᠤᠭᠤᠨ ᠳᠡᠭᠡᠭᠦᠷ ᠴᠠᠬᠢᠯᠵᠤ ᠣᠳᠤᠭᠰᠠᠨ ᠭᠢᠯᠪᠢᠭᠡᠨ
ᠮᠣᠩᠭᠣᠯ
ᠬᠥᠮᠦᠨ ᠪᠣᠯ ᠠᠳᠤᠭᠤᠨ ᠤ ᠬᠣᠶ᠋ᠢᠨ᠎ᠠ ᠬᠣᠴᠣᠷᠤᠭᠰᠠᠨ ᠲᠣᠭᠣᠰᠣ
11.
ᠮᠣᠩᠭᠣᠯ
ᠬᠥᠮᠦᠨ ᠪᠣᠯ ᠬᠠᠮᠤᠭ ᠡᠷᠬᠡ ᠴᠢᠯᠥᠭᠡ ᠲᠡᠢ ᠢᠨᠢᠶᠡᠮᠰᠦᠭᠯᠡᠯ
ᠮᠣᠩᠭᠣᠯ
ᠬᠥᠮᠦᠨ ᠪᠣᠯ ᠬᠠᠮᠤᠭ ᠡᠮᠵᠡᠭ ᠬᠦᠨᠳᠦ
ᠪᠣᠳᠣᠯᠭᠠᠰᠢᠷᠠᠯ
ᠮᠣᠩᠭᠣᠯ
ᠬᠥᠮᠦᠨ ᠪᠣᠯ ᠢᠷᠡᠭᠡᠳᠦᠢ ᠵᠦᠭ ᠰᠤᠩᠭᠠᠭᠰᠠᠨ ᠲᠦᠮᠡᠨ ᠬᠣᠣᠰ ᠭᠠᠷ
ᠮᠣᠩᠭᠣᠯ
ᠬᠥᠮᠦᠨ ᠪᠣᠯ ᠥᠴᠥᠭᠡᠳᠦᠷ ᠢᠶ᠋ᠡᠨ ᠳᠤᠷᠠᠰᠴᠤ ᠮᠡᠯᠡᠷᠡᠭᠰᠡᠨ ᠭᠠᠭᠴᠠᠬᠠᠨ ᠬᠣᠣᠰ ᠨᠢᠳᠦ
ᠮᠣᠩᠭᠣᠯ
ᠬᠥᠮᠦᠨ ᠪᠣᠯ ᠳᠥᠷᠦᠭᠡᠨ ᠳᠡᠭᠡᠷ᠎ᠡ ᠥᠨᠳᠡᠶ᠋ᠢᠭᠰᠡᠨ ᠪᠤᠭᠤᠷᠤᠯ ᠲᠤᠤᠯᠢ
ᠮᠣᠩᠭᠣᠯ
ᠬᠥᠮᠦᠨ ᠪᠣᠯ ᠡᠮᠡᠭᠡᠯ ᠳᠡᠭᠡᠷ᠎ᠡ ᠡᠴᠡ ᠪᠠᠭᠤᠭᠰᠠᠨ ᠥᠨᠥᠴᠢᠨ ᠤᠰᠤᠯ
ᠮᠣᠩᠭᠣᠯ
ᠬᠥᠮᠦᠨ ᠪᠣᠯ ᠬᠡᠨ ᠪᠦᠬᠦᠨ ᠦᠨᠡᠯᠡᠵᠦ
ᠪᠣᠯᠬᠤ ᠨᠡᠷ᠎ᠡ ᠦᠭᠡ
ᠮᠣᠩᠭᠣᠯ
ᠬᠥᠮᠦᠨ ᠪᠣᠯ ᠬᠡᠨ ᠪᠣᠯᠭᠠᠨ ᠤ ᠣᠶ᠋ᠢᠯᠠᠭᠠᠵᠤ ᠴᠢᠳᠠᠬᠤ ᠦᠭᠡᠢ ᠪᠠᠲᠤ ᠶᠣᠰᠣ
12.
ᠮᠣᠩᠭᠣᠯ
ᠬᠥᠮᠦᠨ ᠪᠣᠯ ᠭᠢᠰᠬᠢᠵᠦ ᠥᠩᠭᠡᠷᠡᠭᠰᠡᠨ ᠲᠣᠷᠮᠤᠰᠤᠯᠠᠭᠤᠷ
ᠮᠣᠩᠭᠣᠯ
ᠬᠥᠮᠦᠨ ᠪᠣᠯ ᠭᠦᠶᠦᠵᠦ ᠪᠣᠰᠴᠤ ᠪᠠᠶ᠋ᠢᠭ᠎ᠠ ᠬᠤᠷᠳᠤᠳᠬᠠᠯ
ᠮᠣᠩᠭᠣᠯ
ᠬᠥᠮᠦᠨ ᠪᠣᠯ ᠠᠷᠴᠢᠬᠳᠠᠵᠤ ᠪᠠᠶ᠋ᠢᠭ᠎ᠠ ᠬᠠᠭᠤᠴᠢᠨ ᠰᠢᠯᠦᠭ
ᠮᠣᠩᠭᠣᠯ
ᠬᠥᠮᠦᠨ ᠪᠣᠯ ᠱᠤᠤᠭᠢᠵᠤ ᠪᠣᠰᠬᠤ ᠰᠢᠨᠡᠬᠡᠨ ᠴᠡᠩᠬᠡᠷ ᠣᠢ
ᠮᠣᠩᠭᠣᠯ
ᠬᠥᠮᠦᠨ ᠪᠣᠯ ᠠᠩᠬᠠᠷᠤᠯ ᠤᠨ ᠲᠡᠮᠳᠡᠭ
ᠮᠣᠩᠭᠣᠯ
ᠬᠥᠮᠦᠨ ᠪᠣᠯ ᠠᠰᠠᠭᠤᠯᠲᠠ ᠶ᠋ᠢᠨ ᠲᠡᠮᠳᠡᠭ
ᠮᠣᠩᠭᠣᠯ
ᠬᠥᠮᠦᠨ ᠪᠣᠯ ᠳᠡᠪᠳᠡᠷᠢᠵᠦ ᠪᠣᠰᠬᠤ ᠬᠦᠰᠡᠯ
ᠮᠣᠩᠭᠣᠯ
ᠬᠥᠮᠦᠨ ᠪᠣᠯ ᠳᠡᠯᠡᠬᠡᠢ ᠳᠡᠭᠡᠷ᠎ᠡ ᠬᠠᠮᠤᠭ ᠤᠳᠠᠭᠠᠨ ᠪᠢᠴᠢᠭᠳᠡᠬᠦ ᠳᠠᠪᠬᠤᠷ ᠴᠡᠭ ᠃
ᠦᠰᠦᠭ ᠠᠮᠢᠯᠠᠭᠤᠯᠤᠭᠴᠢ ᠄ ᠪᠠᠯᠵᠢ
ᠬᠢᠨᠠᠭᠴᠢ ᠄ ᠪᠠᠶᠠᠷᠴᠡᠴᠡᠭ
