ᠡᠭᠦᠳᠡ ᠬᠠᠷᠠᠳᠠᠭ ᠡᠪᠦᠭᠡ – ᠭᠦᠷᠵᠠᠪ Үүд хардаг өвөө – Гүржав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠭᠦᠳᠡ ᠬᠠᠷᠠᠳᠠᠭ ᠡᠪᠦᠭᠡ – ᠭᠦᠷᠵᠠᠪ Үүд хардаг өвөө – Гүржав

ᠡᠭᠦᠳᠡ ᠬᠠᠷᠠᠳᠠᠭ ᠡᠪᠦᠭᠡ – ᠭᠦᠷᠵᠠᠪ Үүд хардаг өвөө – Гүржав

2023-03-07

219

ᠡᠭᠦᠳᠡ ᠬᠠᠷᠠᠳᠠᠭ ᠡᠪᠦᠭᠡ


                        ᠭᠦᠷᠵᠡᠪ

 ᠡᠭᠦᠲᠡ ᠬᠠᠷᠠᠲᠠᠭ ᠲᠡᠷᠡ ᠡᠪᠦᠭᠡ
 ᠥᠨᠡᠬᠡᠷ ᠠᠵᠢᠯᠴᠢ ᠰᠠᠶ᠋ᠢᠨ ᠡᠪᠦᠭᠡ 
 ᠦᠷᠭᠦᠯᠵᠢ ᠴᠤᠪᠤᠷᠠᠯᠲᠤᠬᠤ ᠬᠥᠮᠦᠨ ᠬᠠᠷ᠎ᠠ ᠶ᠋ᠢ
 ᠥᠭᠦᠭᠡᠷᠲᠡᠵᠦ ᠲᠥᠪᠡᠭᠯᠡᠯ ᠦᠭᠡᠢ
 ᠤᠭᠲᠤᠲᠠᠭ ᠡᠪᠦᠭᠡ
 ᠦᠯᠦ ᠲᠠᠨᠢᠬᠤ ᠪᠤᠷᠤᠭᠤ ᠵᠢᠰᠦᠲᠡᠨ ᠊ᠢ
 ᠦᠵᠡᠵᠦ ᠴᠠᠭᠲᠠᠲᠠᠭ  ᠬᠢᠷᠠᠬᠠᠢ ᠡᠪᠦᠭᠡ 
 ᠦᠢᠯᠡ ᠠᠵᠢᠯᠯᠠᠬ᠋᠎ᠠ ᠡᠲᠡᠭᠡᠳ ᠠᠮᠢᠲᠠᠳ ᠊ᠢ
 ᠦᠰᠦᠷᠲᠡᠯ᠎ᠡ ᠵᠠᠩᠲᠤᠷᠲᠠᠭ ᠰᠦᠷᠡᠬᠡᠢ ᠡᠪᠦᠭᠡ
 ᠦᠭᠡ ᠣᠯᠠᠨ ᠲᠠᠢ ᠬᠡᠦᠬᠡᠳ ᠪᠢᠲᠡᠨ  ᠳᠤ
 ᠦᠯᠢᠭᠡᠷ  ᠳᠡᠯᠭᠡᠳᠡᠭ  ᠶᠠᠷᠢᠶᠠᠴᠢ ᠡᠪᠦᠭᠡ
 ᠦᠨᠡᠨᠴᠢ ᠰᠢᠲᠤᠷᠭᠤ ᠰᠠᠶ᠋ᠢᠨ ᠬᠡᠦᠬᠡᠳ ᠪᠣᠯ ᠭᠡᠳ
 ᠡᠭᠦᠷᠢᠲᠡ ᠵᠠᠬᠢᠲᠠᠭ ᠰᠤᠷᠭᠠᠯᠴᠢ ᠡᠪᠦᠭᠡ ᠁
 ᠦᠲᠡᠰᠢ ᠶ᠋ᠢᠨ ᠭᠦᠨ ᠂ ᠰᠥᠨᠢ ᠶ᠋ᠢᠨ ᠤᠷᠲᠤ  ᠳᠤ
 ᠦᠷᠭᠡᠯᠡᠵᠦ ᠨᠣᠶ᠋ᠢᠷᠮᠤᠭᠯᠠᠲᠠᠭ ᠦᠭᠡᠢ ᠰᠡᠷᠭᠡᠭ ᠡᠪᠦᠭᠡ
 ᠦᠨᠡᠰᠦᠨ ᠰᠠᠪᠠ ᠂ ᠬᠡᠷᠡᠮ ᠦ᠋ᠨ ᠪᠤᠯᠤᠩ ᠊ᠢ
 ᠦᠯᠡᠲᠡᠭᠡᠯ ᠦᠭᠡᠢ ᠪᠠᠶ᠋ᠢᠴᠠᠭᠠᠲᠠᠭ
 ᠨᠢᠮᠪᠠᠢ ᠡᠪᠦᠭᠡ
 ᠡᠭᠦᠷᠭᠡ ᠬᠠᠷᠢᠭᠤᠴᠠᠯᠬ᠋᠎ᠠ ᠪᠠᠨ ᠪᠠᠷᠲᠠᠮ ᠪᠡᠶᠡᠯᠡᠭᠦᠯᠦᠭᠡᠳ
 ᠦᠨᠡᠯᠡᠭᠳᠡᠵᠦ ᠰᠠᠶ᠋ᠢᠰᠢᠶᠠᠭᠲᠠᠲᠠᠭ ᠵᠢᠱ᠌ᠢᠶᠡᠴᠢ ᠡᠪᠦᠭᠡ
 ᠦᠶᠡᠴᠦᠦᠯ ᠲᠡᠢ ᠪᠡᠨ ᠵᠣᠭᠣᠭ ᠳᠠᠭᠠᠷᠠᠭᠠᠳ
 ᠦᠵᠦᠭᠦᠷ ᠦᠭᠡᠢ ᠪᠠᠶᠠᠰᠲᠠᠭ ᠨᠠᠷᠭᠢᠶᠠᠨᠴᠢ ᠡᠪᠦᠭᠡ ᠁
 ᠡᠭᠦᠲᠡ ᠬᠠᠷᠠᠲᠠᠭ ᠲᠡᠷᠡ ᠡᠪᠦᠭᠡ
 ᠦᠨᠡᠬᠡᠷ ᠠᠵᠢᠯᠴᠢ ᠰᠠᠶ᠋ᠢᠨ ᠡᠪᠦᠭᠡ
 ᠡᠭᠦᠷᠭᠡᠯᠡᠵᠦ ᠳᠠᠭᠠᠭᠠᠭᠰᠠᠨ ᠠᠵᠢᠯ ᠦᠢᠯᠡᠰ ᠲᠡᠭᠡᠨ
 ᠦᠰᠦ ᠪᠡᠨ ᠴᠠᠶ᠋ᠢᠲᠠᠯ᠎ᠠ ᠪᠡᠨ  ᠵᠢᠳᠬᠦᠭᠰᠡᠨ ᠡᠪᠦᠭᠡ ᠃

ᠢᠷᠡᠯᠲᠡ – ᠬᠡᠤᠭᠡᠳ ᠨᠠᠰᠤ ᠰᠠᠶ᠋ᠢᠬᠠᠨ
        ᠭᠦᠷᠵᠠᠪ ᠵᠣᠬᠢᠶᠠᠪᠠ
          ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠪᠡ
          ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
          ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
         2004 ᠣᠨ ᠪ 9 ᠰᠠᠷ᠎ᠠ  ᠳᠦ ᠠᠩᠬᠠᠲᠤᠭᠠᠷ ᠬᠡᠪ ᠊ᠢ ᠬᠢᠪᠡ
         2004 ᠣᠨ ᠪ 9 ᠰᠠᠷ᠎ᠠ  ᠳᠦ ᠠᠩᠬ᠎ᠠ ᠤᠲᠠᠬ᠋᠎ᠠ ᠬᠡᠪᠯᠡᠪᠡ

        ᠦᠰᠦᠭ ᠠᠮᠢᠯᠠᠭᠤᠯᠤᠭᠴᠢ ᠄   ᠤᠷᠠᠨᠴᠡᠴᠡᠭ
         ᠬᠢᠨᠠᠭᠴᠢ ᠄ ᠪᠠᠶᠠᠷᠴᠡᠴᠡᠭ  ᠪᠠᠭᠰᠢ
               2023 ᠣᠨ ᠪ 3 ᠰᠠᠷ᠎ᠠ ᠶ᠋ᠢᠨ 1 ᠪ ᠡᠲᠦᠷ