ᠣᠷᠣᠢᠳᠠᠭᠰᠠᠨ ᠪᠣᠷᠣᠭ᠎ᠠ- ᠮ ᠪᠢᠮᠪᠠᠵᠠᠪ ᠂ ᠲ ᠠᠮᠢᠨ᠎ᠠОройдсон бороо-м бямбажав , т амина
ᠣᠷᠣᠢᠳᠠᠭᠰᠠᠨ ᠪᠣᠷᠣᠭ᠎ᠠ
ᠦᠭᠡ
᠄ ᠪ · ᠲᠤᠶᠠᠭ᠎ᠠ
ᠠᠶ᠎ᠠ ᠄ ᠮ · ᠪᠢᠮᠪᠠᠵᠠᠪ
ᠳᠠᠭᠤᠴᠢᠨ ᠄ ᠮ · ᠪᠢᠮᠪᠠᠵᠠᠪ
ᠲ · ᠠᠮᠢᠨ᠎ᠠ
ᠬᠠᠪᠤᠷ ᠨᠢ ᠣᠷᠣᠭ᠎ᠠ ᠦᠭᠡᠢ ᠪᠣᠷᠣᠭ᠎ᠠ
ᠨᠠᠮᠤᠷ ᠲᠤ ᠪᠠᠨ ᠶᠠᠭᠠᠬᠢᠭᠠᠳ ᠱᠠᠭᠢᠨ᠎ᠠ ᠪᠤᠢ
ᠬᠠᠪᠤᠷ ᠨᠢ ᠳᠡᠯᠭᠡᠭᠡ ᠦᠭᠡᠢ ᠳᠡᠯᠪᠢ ᠨᠢ
ᠨᠠᠮᠤᠷ ᠲᠤ ᠪᠠᠨ ᠶᠠᠭᠠᠬᠢᠭᠠᠳ ᠳᠡᠯᠭᠡᠳᠡᠭ ᠶᠤᠮ ᠪᠤᠢ
ᠡᠪᠦᠯ ᠦᠨ ᠴᠠᠰᠤᠨ ᠤ ᠨᠥᠮᠥᠷᠢ ᠳᠤ
ᠥᠨᠥᠴᠢᠨ ᠴᠡᠴᠡᠭ ᠤᠳ ᠤᠷᠭᠤᠨ᠎ᠠ ᠭᠡ ᠤᠤ
ᠦᠷ ᠢᠶ᠋ᠡᠷ ᠭᠣᠮᠣᠳᠠᠭᠰᠠᠨ ᠵᠢᠷᠦᠬᠡ ᠶ᠋ᠢ
ᠦᠳᠡᠰᠢ ᠶ᠋ᠢᠨ ᠪᠣᠯᠵᠣᠭᠠᠨ ᠳᠤ ᠳᠠᠭᠤᠳᠠᠨ᠎ᠠ ᠭᠡ ᠤᠤ
ᠣᠷᠣᠶ᠋ᠢᠲᠠᠭᠰᠠᠨ ᠪᠣᠷᠣᠭ᠎ᠠ ᠴᠡᠴᠡᠭ ᠨᠡᠬᠡᠨ᠎ᠡ ᠤᠤ
ᠣᠷᠣᠶ᠋ᠢᠲᠠᠭᠰᠠᠨ ᠬᠠᠶ᠋ᠢᠷ᠎ᠠ ᠴᠡᠩᠭᠡᠯ
ᠨᠡᠬᠡᠨ᠎ᠡ ᠤᠤ
ᠣᠷᠣᠶ᠋ᠢᠲᠠᠭᠰᠠᠨ ᠪᠣᠷᠣᠭ᠎ᠠ ᠬᠠᠪᠤᠷ ᠢᠷᠡᠨ᠎ᠡ ᠤᠤ
ᠣᠷᠣᠶ᠋ᠢᠲᠠᠭᠰᠠᠨ ᠬᠠᠶ᠋ᠢᠷ᠎ᠠ ᠬᠠᠨᠢ ᠪᠠᠨ ᠡᠷᠢᠨ᠎ᠡ ᠤᠤ
ᠭᠢᠯ ᠬᠠᠷ᠎ᠠ ᠰᠥᠨᠢ ᠶ᠋ᠢᠨ ᠵᠡᠭᠦᠳᠦᠨ ᠳᠦ
ᠴᠠᠯ ᠪᠤᠭᠤᠷᠤᠯ ᠦᠰᠦ ᠲᠡᠢ ᠢᠷᠡᠪᠡ ᠤᠤ
ᠵᠢᠷᠦᠬᠡᠨ ᠳᠤ ᠪᠠᠭᠤᠭᠰᠠᠨ ᠬᠢᠷᠠᠭᠤ
ᠵᠡᠭᠦᠳᠦᠨ ᠦ ᠨᠠᠷᠠᠨ ᠳᠤ ᠬᠠᠶ᠋ᠢᠯᠤᠨᠠ ᠭᠡ ᠤᠤ
ᠣᠳᠣ ᠲᠠᠢ ᠨᠠᠰᠤᠨ ᠤ ᠬᠠᠶ᠋ᠢᠷ᠎ᠠ ᠰᠢᠪᠰᠢᠭᠡᠳ
ᠣᠷᠣᠶ᠋ᠢᠲᠠᠭᠰᠠᠨ ᠪᠣᠷᠣᠭ᠎ᠠ ᠵᠢᠷᠦᠬᠡᠨ ᠳᠤ ᠰᠢᠪᠡᠨᠡᠭᠡᠳ
ᠴᠡᠩᠭᠡᠯ ᠵᠢᠷᠭᠠᠯ ᠢᠶ᠋ᠠᠷ ᠳᠤᠲᠠᠭ᠎ᠠ ᠦᠭᠡᠢ ᠴᠦ᠍
ᠴᠡᠴᠡᠭᠯᠡᠬᠦ ᠨᠢ ᠣᠷᠣᠶ᠋ᠢᠲᠠᠭᠰᠠᠨ
ᠲᠠᠪᠢᠯᠠᠩ ᠶᠤᠮ ᠳ᠋ᠠ
ᠣᠷᠣᠶ᠋ᠢᠲᠠᠭᠰᠠᠨ ᠪᠣᠷᠣᠭ᠎ᠠ ᠨᠠᠪᠴᠢᠰ ᠡᠷᠢᠨ᠎ᠡ ᠤᠤ
ᠣᠷᠣᠶ᠋ᠢᠲᠠᠭᠰᠠᠨ ᠬᠠᠶ᠋ᠢᠷ᠎ᠠ ᠨᠠᠮ᠎ᠠ ᠶ᠋ᠢ ᠡᠷᠢᠨ᠎ᠡ ᠤᠤ
ᠣᠷᠣᠶ᠋ᠢᠲᠠᠭᠰᠠᠨ ᠪᠣᠷᠣᠭ᠎ᠠ ᠴᠡᠴᠡᠭ ᠨᠡᠬᠡᠨ᠎ᠡ ᠤᠤ
ᠣᠷᠣᠶ᠋ᠢᠲᠠᠭᠰᠠᠨ ᠬᠠᠶ᠋ᠢᠷ᠎ᠠ ᠴᠡᠩᠭᠡᠯ ᠨᠡᠬᠡᠨ᠎ᠡ ᠤᠤ
ᠣᠷᠣᠶ᠋ᠢᠲᠠᠭᠰᠠᠨ ᠪᠣᠷᠣᠭ᠎ᠠ
