ᠪᠦᠰᠡᠭᠦᠢ ᠵᠠᠶᠠᠭ᠎ᠠ- ᠬᠣᠨᠳᠤᠨ ᠪᠠᠭᠠᠳᠤᠷБүсгүй заяа-хондон баатар
ᠪᠦᠰᠡᠭᠦᠢ ᠵᠠᠶᠠᠭ᠎ᠠ
ᠬᠣᠨᠳᠤᠨ ᠪᠠᠭᠠᠳᠤᠷ
ᠲᠡᠯᠪᠡᠬᠡᠯᠡᠭ᠊ᠰᠡᠨ ᠴᠡᠴᠡᠭ᠌ ᠰᠢᠭ᠌ ᠪᠣᠯᠪᠠᠷᠠᠢ
ᠲᠡᠨᠵᠢ ᠶ᠋ᠢᠨ ᠨᠣᠭᠣᠭ᠎ᠠ ᠰᠢᠭ᠋ ᠰᠤᠷᠭᠤᠭ
ᠲᠡᠯᠭᠡᠷ ᠨᠣᠳᠤ᠊ᠭ ᠊ᠤᠨ ᠶ᠋ᠢᠠᠨ ᠴᠢᠮᠡᠭ᠌
ᠲᠡᠭᠵᠢᠨ ᠴᠤᠪᠣᠭᠤ ᠥᠬᠢᠨ ᠵᠠᠶᠠᠭ᠎ᠠ
ᠬᠠᠯᠠᠭᠤᠨ ᠠᠮᠢᠲᠤᠷᠠᠯ ᠊ᠤᠨ ᠲᠦᠰᠢᠭ᠌
ᠬᠠᠨᠠᠳᠣ ᠭᠡᠷ ᠊ᠤᠨ ᠶ᠋ᠢᠠᠨ ᠭᠡᠭᠡ
ᠬᠣᠩᠭᠤᠷ ᠵᠢᠷᠥᠬᠡᠨ ᠊ᠤ ᠬᠣᠯᠪᠣᠭ᠎ᠠ
ᠬᠠᠶ᠋ᠢᠷᠠ᠋ ᠲᠦᠭᠡᠨᠡᠭ᠊ᠰᠡᠨ ᠭᠡᠷᠭᠡᠢ ᠵᠠᠶᠠᠭ᠎ᠠ
ᠠᠩᠬᠢᠷ ᠣᠭᠣᠷᠠ᠊ᠭ ᠊ᠤᠨ ᠲᠠᠯᠠᠢ
ᠠᠯᠠᠭ ᠥᠷᠠ᠋ ᠶ᠋ᠢᠨ ᠶ᠋ᠢᠠᠨ ᠪᠣᠷᠬᠠᠨ
ᠠᠮᠢᠲᠣᠷᠠᠬᠣᠢ ᠶ᠋ᠢᠨ ᠣᠬᠠᠭᠠᠨ ᠦᠪᠯᠡᠭ᠊ᠰᠡᠨ
ᠠᠴᠢᠯᠠᠯ ᠊ᠤᠨ ᠲᠡᠭᠡᠳᠥ ᠡᠵᠢ ᠵᠠᠶᠠᠭ᠎ᠠ
ᠤᠨ ᠵᠢᠯ ᠊ᠤᠨ ᠲᠣᠭᠣᠰᠣ ᠡᠯᠡᠭᠡᠵᠣ
ᠣᠷᠴᠢᠯᠠᠩ ᠊ᠤᠨ ᠵᠢᠮᠠ᠋ ᠶ᠋ᠢ ᠣᠬᠠᠨ ᠲᠠᠨᠢᠵᠣ
ᠥᠷᠠ᠋ ᠶ᠋ᠢᠨ ᠶ᠋ᠢᠠᠨ ᠰᠠᠢᠨ ᠊ᠢ ᠥᠵᠡᠨ ᠵᠢᠷᠭᠠᠬᠤ
ᠥᠯᠡᠮᠵᠢ ᠪᠣᠶᠠᠨᠳᠣ ᠢᠵᠢᠢ ᠵᠠᠶᠠᠭ᠎ᠠ
ᠪᠦᠰᠡᠭᠦᠢ ᠬᠥᠮᠦᠨ
ᠪᠦᠲᠦᠨ ᠵᠢᠷᠭᠠᠯ ᠤᠨ
ᠲᠡᠷᠭᠡᠯ ᠵᠠᠶᠠᠭ᠎ᠠ
ᠪᠦᠰᠡᠭᠦᠢ ᠬᠥᠮᠦᠨ
ᠪᠦᠷᠬᠦᠭ ᠢ
ᠭᠡᠢᠭᠦᠯᠦᠭᠴᠢ ᠨᠠᠷᠠᠨ ᠵᠠᠶᠠᠭ᠎ᠠ ᠠ᠋
