ᠬᠣᠶᠠᠳᠤᠭᠠᠷ ᠪᠦᠯᠦᠭ
ᠬᠡᠳᠦᠬᠡᠨ ᠬᠤᠷᠤᠮ ᠤᠨ ᠡᠮᠦᠨ᠎ᠡ ᠲᠤᠭᠳᠤᠯᠤᠨ
ᠱᠤᠬᠤᠭᠤᠷᠬᠠᠭᠠᠳ ᠪᠠᠶ᠋ᠢᠭᠰᠠᠨ ᠨᠥᠭᠥᠭᠡ ᠴᠡᠴᠡᠷ ᠲᠠᠭᠠᠨ ᠨᠠᠰᠢᠷ
ᠢ ᠲᠠᠭᠤᠭᠳᠠᠨ ᠤᠷᠤᠬᠤ ᠳ᠋ᠤ᠌ ᠰᠥᠪᠡᠭᠡᠳᠡᠢ
ᠪᠠᠭᠠᠳᠤᠷ ᠭᠠᠭᠴᠠᠭᠠᠷ ᠢᠶ᠋ᠠᠨ ᠪᠠᠶ᠋ᠢᠯ᠎ᠠ ᠃ ᠳᠡᠯᠡᠬᠡᠢ ᠶ᠋ᠢ ᠲᠤᠩᠰᠤᠯᠭᠠᠬᠤ ᠠᠮᠠᠷ ᠦᠭᠡᠢ ᠵᠠᠮᠨᠠᠯ
ᠢᠶ᠋ᠠᠨ ᠨᠢᠭᠡᠨᠲᠡ ᠡᠬᠢᠯᠡᠴᠢᠭᠡᠭᠡᠳ ᠪᠠᠶ᠋ᠢᠭᠰᠠᠨ ᠮᠣᠩᠭᠣᠯ ᠤᠨ ᠭᠠᠷᠮᠠᠭᠠᠢ
ᠵᠠᠩᠵᠤᠨ ᠂ ᠤᠷᠢᠶᠠᠩᠬᠠᠢ ᠶ᠋ᠢᠨ ᠰᠥᠪᠡᠭᠡᠳᠡᠢ ᠪᠠᠭᠠᠳᠤᠷ ᠲᠡᠷᠡ ᠦᠶ᠎ᠡ ᠳ᠋ᠦ᠍ ᠲᠥᠴᠢᠨ ᠨᠢᠭᠡᠨ ᠨᠠᠰᠤᠲᠠᠢ
ᠪᠠᠶ᠋ᠢᠵᠠᠢ ᠃ ᠲᠡᠭᠦᠨ ᠦ ᠭᠤᠷᠪᠠᠯᠵᠢᠨ ᠬᠠᠷ᠎ᠠ ᠨᠢᠳᠦᠨ ᠦ ᠬᠢᠨᠢ ᠲᠣᠭᠰᠢᠨ ᠬᠠᠷᠠᠴᠠ ᠶ᠋ᠢ ᠤᠭᠰᠠᠭ᠎ᠠ ᠨᠢᠭᠡᠲᠡᠢ ᠮᠣᠩᠭᠣᠯ
ᠤᠨ ᠣᠯᠠᠨ ᠠᠶ᠋ᠢᠮᠠᠭ
ᠲᠡᠳᠦᠢ ᠦᠭᠡᠢ ᠂ ᠵᠦᠷᠴᠢᠳ ᠦᠨ ᠠᠯᠲᠠᠨ ᠂ ᠨᠠᠩᠭᠢᠶᠠᠳ ᠤᠨ ᠰᠤᠩ ᠤᠯᠤᠰ ᠤᠨ ᠲᠦᠰᠢᠮᠡᠳ ᠵᠠᠩᠵᠤᠨ ᠨᠤᠭᠤᠳ ᠠᠨᠳᠠᠬᠤ ᠦᠭᠡᠢ ᠪᠣᠯᠤᠭᠰᠠᠨ
ᠦᠶ᠎ᠡ ᠶᠤᠮ ᠃ ᠰᠥᠪᠡᠭᠡᠳᠡᠢ ᠪᠠᠭᠠᠳᠤᠷ ᠵᠤᠵᠠᠭᠠᠨ ᠢᠰᠡᠭᠡᠢ ᠲᠡᠪᠢᠰᠭᠡᠷ ᠳᠡᠭᠡᠷ᠎ᠡ ᠥᠷᠥᠭᠡᠰᠥᠨ ᠬᠥᠯ ᠢᠶ᠋ᠡᠨ ᠨᠤᠭᠤᠯᠤᠨ
ᠰᠠᠭᠤᠭᠠᠳ ᠠᠶ᠋ᠢᠷᠠᠭ ᠤᠤᠭᠤᠵᠤ ᠪᠠᠶ᠋ᠢᠪᠠ ᠃ ᠤᠷᠤᠵᠤ ᠢᠷᠡᠭᠰᠡᠳ
ᠢ ᠲᠡᠳᠦᠢ ᠯᠡ ᠲᠣᠭᠣᠮᠵᠢᠷ ᠥᠬᠡᠢ ᠤᠭᠲᠤᠬᠤ ᠮᠡᠲᠦ ᠰᠠᠨᠠᠭᠳᠠᠭᠰᠠᠨ ᠲᠤᠯᠠ ᠨᠠᠰᠢᠷ ᠳᠣᠲᠣᠷ᠎ᠠ ᠪᠠᠨ
ᠪᠠᠶᠠᠷᠯᠠᠪᠠ ᠃
- ᠡᠨᠡ
ᠬᠥᠮᠦᠨ ᠲᠠᠨ ᠤ ᠴᠡᠴᠡᠷ ᠢ ᠬᠣᠶᠠᠷ ᠤᠳᠠᠭ᠎ᠠ ᠳᠠᠩᠳᠠᠨ ᠠᠵᠢᠭᠯᠠᠪᠠ ᠃ ᠵᠥᠢ ᠨᠢ ᠥᠴᠢᠭ
ᠦᠭᠡᠢ ᠬᠤᠷᠤᠭᠠᠬᠤ ᠤᠴᠢᠷ ᠲᠠᠢ ᠪᠤᠯᠪᠠᠴᠤ 《
ᠦᠭᠡ ᠪᠣᠢ 》
ᠭᠡᠰᠡᠨ ᠲᠤᠯᠠ ᠠᠷᠭ᠎ᠠ ᠪᠤᠶᠤ ᠵᠣᠯᠭᠠᠭᠤᠯᠤᠯᠠ ᠬᠡᠮᠡᠨ ᠨᠢᠭᠡ ᠬᠡᠪᠲᠡᠭᠦᠯ
ᠠᠶ᠋ᠢᠯᠠᠳᠬᠠᠪᠠ ᠃
ᠰᠥᠪᠡᠭᠡᠳᠡᠢ ᠨᠠᠰᠢᠷ ᠢ ᠠᠩᠬᠠᠷᠤᠯᠲᠠᠢ ᠰᠢᠷᠲᠡᠪᠡ ᠃ ᠰᠢᠷᠢ ᠲᠠᠶ᠋ᠢᠴᠢᠨ ᠂ ᠡᠨᠡ ᠯᠡ
ᠬᠣᠷᠣᠮ ᠳ᠋ᠤ᠌ ᠬᠤᠪᠢ ᠵᠠᠶᠠᠭ᠎ᠠ ᠪᠠᠨ ᠬᠥᠳᠡᠴᠢᠭᠡᠬᠥ ᠦᠭᠡᠢ ᠪᠠᠶ᠋ᠢᠬᠤ ᠶᠣᠰᠣᠲᠠᠢ ᠶ᠋ᠢ ᠤᠬᠠᠭᠠᠷᠠᠵᠤ ᠂ ᠪᠡᠶ᠎ᠡ
ᠪᠡᠨ ᠰᠤᠯᠠ ᠲᠠᠯᠪᠢᠨ ᠥᠭᠡᠳᠡ ᠡᠴᠡ ᠨᠢ ᠠᠯᠢ ᠪᠣᠯᠬᠤ ᠪᠠᠷ ᠲᠠᠶ᠋ᠢᠪᠤᠩ ᠢᠶ᠋ᠠᠷ ᠬᠠᠷᠠᠵᠤ ᠵᠣᠭᠰᠣᠪᠠ ᠃ ᠰᠥᠪᠡᠭᠡᠳᠡᠢ ᠲᠡᠭᠦᠨ ᠡᠴᠡ ᠰᠡᠵᠢᠭᠲᠡᠢ
ᠵᠦᠢᠯ ᠣᠯᠵᠤ ᠬᠠᠷᠠᠭᠰᠠᠨ ᠦᠭᠡᠢ ᠪᠣᠯᠤᠯᠲᠠᠢ ᠂ ᠬᠤᠯᠤ ᠲᠠᠢ ᠠᠶ᠋ᠢᠷᠠᠭ ᠢᠶ᠋ᠠᠨ ᠠᠪᠬᠤ ᠵᠠᠭᠤᠷ᠎ᠠ ᠂
- ᠲᠡᠶ᠋ᠢᠨ
ᠪᠤᠯᠳᠤᠭᠠᠢ ᠃ ᠡᠭᠦᠨ ᠢ ᠣᠷᠬᠢᠵᠤ ᠤᠳᠤᠭᠲᠤᠨ ᠭᠡᠵᠥ ᠲᠤᠰᠢᠶᠠᠯ᠎ᠠ
᠃ ᠬᠣᠶᠠᠷ ᠬᠡᠪᠲᠡᠭᠦᠯ ᠢ ᠭᠠᠷᠤᠭᠰᠠᠨ ᠤ ᠳᠠᠷᠠᠭ᠎ᠠ ᠨᠠᠰᠢᠷ ᠤᠨ ᠰᠡᠳᠬᠢᠯ ᠰᠠᠶᠢ ᠠᠮᠠᠷᠠᠵᠤ ᠤᠷᠲᠤ ᠪᠠᠷ ᠠᠮᠢᠰᠬᠤᠭ᠎ᠠ ᠠᠪᠤᠯ᠎ᠠ
᠃ ᠡᠭᠦᠨ ᠢ ᠨᠢ ᠠᠩᠵᠠᠭᠠᠷᠠᠭᠰᠠᠨ ᠰᠥᠪᠡᠭᠡᠳᠡᠢ ᠪᠣᠭᠣᠨᠢᠬᠠᠨ
ᠬᠠᠷ᠎ᠠ ᠵᠢᠪᠡᠷᠢ ᠪᠡᠨ ᠢᠯᠪᠢᠨ ᠢᠨᠢᠶᠡᠮᠰᠥᠭᠯᠡᠭᠡᠳ ᠂
- ᠡᠨᠡ
ᠰᠥᠨᠢ ᠨᠠᠳᠠ ᠲᠠᠢ ᠴᠣᠭ ᠨᠣᠶ᠋ᠢᠷ ᠦᠭᠡᠢ ᠬᠤᠨᠤᠭᠰᠠᠨ ᠢ
ᠪᠣᠳᠣᠬᠤ ᠳ᠋ᠤ᠌ ᠲᠠ ᠯᠠᠪ ᠶᠡᠬᠡ ᠦᠢᠯᠡ ᠶ᠋ᠢ ᠪᠣᠳᠣᠯᠬᠢᠯᠠᠭᠰᠠᠨ ᠪᠤᠢ ᠵᠸ ᠃ ᠲᠠᠨ ᠤ ᠴᠢᠷᠠᠢ ᠳ᠋ᠤ᠌ ᠰᠡᠳᠬᠢᠯ ᠲᠡᠯᠡᠭᠳᠡᠭᠰᠡᠨ ᠰᠢᠨᠵᠢ ᠢᠯᠡᠷᠬᠡᠢ
᠃ ᠲᠤᠬᠠᠲᠠᠢ ᠶᠠᠷᠢᠭᠳᠤᠨ ᠃ ᠲᠡᠶ᠋ᠢᠰᠢ ᠪᠡᠨ ᠰᠠᠭᠤ ᠭᠡᠵᠥ ᠡᠰᠡᠷᠭᠦ ᠳᠣᠣᠷᠠᠲᠤ ᠲᠠᠯ᠎ᠠ ᠤᠷᠤᠭᠤ ᠪᠠᠨ ᠵᠠᠩᠭᠠᠯ᠎ᠠ
᠃
ᠨᠠᠰᠢᠷ ᠲᠡᠨᠳᠡ ᠣᠴᠢᠵᠤ ᠂ ᠶᠣᠰᠣ ᠠᠯᠳᠠᠬᠤ ᠦᠭᠡᠢ ᠶ᠋ᠢ ᠬᠢᠴᠢᠶᠡᠨ
ᠪᠠᠷᠠᠭᠤᠨ ᠡᠪᠦᠳᠦᠭ ᠢᠶ᠋ᠡᠨ ᠪᠤᠰᠢᠭᠤᠬᠠᠨ ᠨᠤᠭᠤᠯᠤᠨ ᠰᠠᠭᠤᠭᠠᠳ
ᠦᠭᠡ ᠪᠡᠨ ᠰᠢᠭᠤᠳ ᠡᠬᠢᠯᠡᠵᠦ ᠲᠥᠪᠳᠡᠯ ᠦᠭᠡᠢ ᠬᠡᠰᠡᠭ ᠠᠵᠠᠨᠠᠪᠠ ᠃ ᠦᠨᠡᠨ ᠳ᠋ᠡᠭᠡᠨ ᠴᠦ᠍ ᠰᠠᠶᠢ ᠶ᠋ᠢᠨ ᠠᠮᠢ
ᠲᠡᠩᠰᠡᠭᠰᠡᠨ ᠮᠥᠴᠡ ᠮᠠᠷᠲᠠᠭᠳᠠᠬᠤ ᠪᠣᠯᠤᠭᠰᠠᠨ ᠦᠭᠡᠢ ᠂ ᠵᠢᠷᠦᠬᠡ ᠨᠢ ᠲᠣᠩ ᠴᠤ᠌ ᠵᠠᠬᠢᠷᠤᠭᠳᠠᠬᠤ ᠦᠭᠡᠢ ᠤᠪᠤᠯᠵᠠᠨ
ᠪᠠᠶ᠋ᠢᠵᠠᠢ ᠃ ᠪᠠᠭᠠᠲᠤᠷ ᠴᠤ᠌ ᠲᠡᠭᠦᠨ ᠢ ᠰᠢᠪᠠᠳᠠᠭᠤᠯᠤᠭᠰᠠᠨ
ᠦᠭᠡᠢ ᠂ ᠠᠶ᠋ᠢᠷᠠᠭ ᠢᠶ᠋ᠠᠨ ᠠᠮᠳᠠᠷᠬᠠᠨ ᠠᠯᠭᠤᠷ ᠰᠢᠮᠡᠨ᠎ᠡ
᠃
- ᠥᠴᠦᠬᠡᠨ
ᠪᠢ ᠦᠵᠡᠪᠡᠰᠦ ᠤᠷᠢᠳᠤ ᠣᠷᠣᠢ ᠶ᠋ᠢᠨ ᠡᠯᠴᠢ ᠶ᠋ᠢᠨ ᠦᠭᠡ ᠲᠠᠨ
ᠢ ᠶᠡᠬᠡᠳᠡ ᠡᠪ ᠥᠭᠡᠶ᠋ᠢᠴᠡᠭᠥᠯᠥᠭᠰᠡᠨ ᠮᠡᠳᠥ ᠃ ᠬᠡᠷᠪᠡ ᠪᠢ ᠲᠠᠰᠢᠶᠠᠷᠠᠭᠰᠠᠨ ᠠᠪᠠᠰᠤ ᠥᠷᠥᠰᠢᠶᠡᠨ
ᠬᠡᠯᠲᠦᠷᠢᠭᠦᠯᠦᠨ᠎ᠡ ᠦᠦ ᠭᠡᠵᠥ ᠨᠠᠰᠢᠷ ᠪᠣᠯᠭᠣᠮᠵᠢᠲᠠᠢ ᠡᠬᠢᠯᠡᠪᠡ ᠃
- ᠲᠠ
ᠠᠨᠳᠠᠭᠤᠷᠠᠭᠰᠠᠨ ᠦᠭᠡᠢ ᠭᠡᠵᠥ ᠰᠥᠪᠡᠭᠡᠳᠡᠢ ᠬᠡᠯᠡᠭᠡᠳ ᠄ ᠲᠡᠷᠡ ᠮᠡᠳᠥ ᠶ᠋ᠢᠨ ᠮᠠᠭᠤ ᠦᠷ᠎ᠡ ᠳᠠᠭᠠᠪᠤᠷᠢ ᠶ᠋ᠢ
ᠬᠢᠯᠪᠠᠷ ᠬᠡᠯᠡᠬᠦᠶ᠎ᠡ ᠪᠡᠷᠬᠡ ᠃ ᠣᠳᠣ ᠴᠣᠬᠣᠮ ᠰᠠᠨᠠᠭ᠎ᠠ ᠪᠠᠶ᠋ᠢᠪᠠᠰᠤ ᠥᠭᠥᠯᠡᠳᠡᠭ ᠴᠠᠭ ᠮᠥᠨ ᠭᠡᠵᠥ ᠬᠥᠲᠥᠯᠬᠦ
ᠠᠶᠠᠰ ᠲᠠᠢ ᠥᠭᠦᠯᠡᠪᠡ ᠃ ᠨᠠᠰᠢᠷ ᠪᠠᠬᠠᠨ ᠵᠣᠷᠢᠭᠵᠢᠯ᠎ᠠ
᠃
- ᠡᠷᠬᠢᠮ ᠲᠠ ᠡᠷᠬᠡᠪᠰᠢ ᠨᠢᠭᠡ ᠲᠡᠶ᠋ᠢᠰᠢ ᠪᠤᠯᠭᠤᠭᠠᠨ ᠲᠤᠭᠲᠠᠭᠠᠭᠰᠠᠨ ᠪᠤᠢ ᠵᠧ ᠃ ᠭᠡᠪᠡᠴᠥ ᠮᠡᠬᠥᠰ
ᠮᠢᠨᠤ ᠴᠡᠭᠡᠵᠢᠨ ᠳ᠋ᠤ᠌ ᠴᠢᠭᠯᠡᠷᠡᠭᠰᠡᠨ ᠰᠠᠨᠠᠬ᠋᠎ᠠ ᠶ᠋ᠢ ᠭᠠᠷᠭᠠᠨ ᠬᠡᠯᠡᠬᠥ ᠥᠭᠡᠢ ᠪᠤᠯ ᠰᠢᠲᠤᠷᠭᠤ ᠵᠢ ᠭᠦᠢᠴᠡᠤᠠᠬᠡᠬᠦ ᠦᠭᠡᠢ ᠬᠡᠷᠡᠭ ᠪᠤᠯᠪᠠ ᠤᠤ ᠬᠡᠮᠡᠨ ᠡᠮᠢᠶᠡᠨ᠎ᠡ
ᠭᠡᠵᠥ ᠨᠠᠰᠢᠷ ᠬᠡᠯᠡᠭᠡᠳ ᠡᠵᠡᠨ ᠪᠠᠭᠠᠲᠤᠷ ᠨᠢ ᠡᠶᠡᠯᠳᠡᠭ ᠶ᠋ᠢᠡᠷ ᠲᠤᠯᠤᠭᠠᠢ ᠲᠤᠬᠢᠵᠤ ᠪᠠᠶ᠋ᠢᠬᠤ ᠶ᠋ᠢ ᠦᠵᠡᠵᠦ
᠂ ᠪᠡᠶ᠎ᠡ ᠪᠡᠨ ᠴᠢᠬᠡᠯᠡᠨ ᠵᠠᠰᠠᠮᠠᠯ ᠨᠤᠭᠲᠤᠨ ᠰᠠᠬᠠᠯ ᠶ᠋ᠢᠠᠨ ᠨᠢᠭᠡᠨᠲᠡ ᠵᠤᠷᠢᠮᠠᠭ ᠰᠢᠪᠲᠤᠷᠤᠭᠰᠠᠨ ᠢᠶᠠᠨ᠄
- ᠮᠡᠷᠬᠢᠳ ᠦ᠋ᠨ ᠪᠠᠶ᠋ᠢᠲᠠᠯ ᠨᠢᠭᠡᠨᠲᠡ ᠲᠤᠲᠤᠷᠬᠠᠢ ᠮᠡᠳᠡᠭᠳᠡᠬᠦ ᠲᠤᠯᠠ ᠴᠠᠭ ᠠᠯᠲᠠᠯ ᠦᠭᠡᠢ ᠲᠤᠪᠲᠤᠯᠠᠨ
ᠤᠷᠤᠪᠠᠯ ᠵᠤᠬᠢᠯᠲᠠᠢ ᠃ ᠲᠡᠲᠡᠨ ᠪ ᠤᠷᠭᠤᠨ ᠳᠤᠲᠠᠭᠠᠵᠤ
ᠪᠣᠯᠬᠤ ᠮᠥᠷᠡᠨ ᠪ ᠤᠯᠤᠮ ᠳ᠋ᠤ᠌ ᠤᠷᠢᠲᠠ ᠪᠡᠷ ᠴᠡᠷᠢᠭ ᠪᠥᠭᠬᠦᠭᠦᠯᠵᠦ ᠂ ᠳᠠᠷᠠᠬ᠋᠎ᠠ ᠨᠢ ᠶᠡᠬᠡ ᠴᠡᠷᠢᠭ ᠶ᠋ᠢᠡᠷ
ᠳᠠᠭᠠᠷᠢᠶ᠎ᠠ ᠃ ᠡᠨᠡ ᠡᠲᠦᠷ ᠲᠤ ᠪᠠᠭᠲᠠᠭᠠᠨ ᠴᠡᠷᠢᠭ ᠮᠣᠷᠢ ᠪᠠᠨ ᠬᠤᠪᠢᠶᠠᠨ ᠬᠥᠲᠡᠯᠭᠡᠪᠡᠯ ᠪᠢ ᠳᠤᠷᠠᠲᠠᠶ᠋ᠢᠶᠠ
ᠬᠤᠰᠢᠭᠤᠴᠢ ᠴᠡᠷᠢᠭ ᠦ᠋ᠨ ᠡᠩᠨᠡᠭᠡᠨ ᠳ᠋ᠤ᠌ ᠪᠠᠭᠲᠠᠵᠤ ᠂ ᠶᠡᠬᠡ ᠬᠠᠭᠠᠨ ᠪ ᠬᠡᠰᠢᠭ ᠲᠦ ᠥᠴᠦᠬᠡᠨ ᠬᠠᠷᠢᠭᠤᠯᠰᠤᠭᠠᠢ
ᠭᠡᠪᠡ ᠃ ᠰᠥᠪᠡᠭᠡᠲᠡᠢ ᠳᠠᠭᠤ ᠦᠭᠡᠢ ᠰᠠᠭᠤᠨ᠎ᠠ ᠃ ᠵᠦᠩᠲᠡᠭᠡᠨ ᠯᠡ ᠶᠠᠭᠤᠮ᠎ᠠ ᠶᠠᠷᠢᠮᠠᠷ ᠂ ᠲᠡᠷᠡ ᠴᠤ᠌ ᠪᠠᠶ᠋ᠢᠲᠤᠭᠠᠢ ᠴᠡᠷᠢᠭ ᠠᠩᠬᠢ ᠪᠠᠨ ᠬᠢᠷᠬᠢᠨ ᠬᠤᠪᠢᠶᠠᠷᠢᠯᠠᠬᠤ ᠂ ᠤᠷᠤᠬᠤ ᠡᠭᠡᠬᠦ ᠴᠠᠭ ᠮᠥᠴᠡ ᠶ᠋ᠢ ᠶᠠᠭᠠᠬᠢᠨ ᠲᠣᠭᠲᠠᠭᠠᠬᠤ ᠶ᠋ᠢ ᠰᠥᠨᠢᠵᠢᠨ ᠪᠤᠲᠤᠭᠰᠠᠨ
ᠮᠥᠷᠲᠡᠯ᠎ᠡ ᠪᠡᠨ ᠂ ᠬᠡᠯᠡᠬᠦ ᠦᠭᠡ ᠨᠢ ᠭᠡᠨᠡᠤᠠᠲᠡ ᠳᠠᠭᠤᠰᠴᠢᠬᠠᠬᠤ ᠪᠠᠷ ᠡᠨᠡ ᠢᠲᠡᠷ ᠵᠠᠩᠵᠤᠨ ᠪ ᠲᠣᠭᠲᠠᠭᠤᠨ
ᠤᠬᠠᠭᠠᠯᠢᠬ ᠬᠠᠲᠠᠴᠠ ᠶ᠋ᠢᠨ ᠡᠮᠦᠨ᠎ᠡ ᠪᠠᠯᠴᠢᠷᠲᠠᠵᠤ ᠤᠷᠬᠢᠬᠤ ᠰᠢᠭ᠋ ᠰᠠᠨᠠᠭᠲᠠᠭᠰᠠᠨ ᠲᠤᠯᠠ ᠨᠰᠢᠷ ᠡᠪ ᠦᠭᠡᠶ᠋ᠢᠴᠡᠨ
ᠳᠡᠮᠡᠢ ᠯᠡ ᠮᠥᠷᠥ ᠪᠡᠨ ᠬᠠᠪᠴᠢᠪᠠ ᠃ ᠰᠥᠪᠡᠭᠡᠲᠡᠢ ᠲᠤᠩᠭᠤᠶ᠋ᠢᠨ ᠤᠶ᠋ᠢᠰᠤᠨ ᠪᠤᠷᠲᠤᠭᠤ ᠲᠠᠢ ᠠᠶ᠋ᠢᠷᠠᠭ ᠊ᠢ ᠱᠤᠤᠭᠢᠲᠠᠯᠠ
ᠬᠤᠤᠠᠬᠤᠯᠠ ᠃ ᠲᠡᠭᠡᠭᠡᠳ ᠵᠣᠰᠣᠨ ᠪᠦᠰᠡᠯᠡᠭᠦᠷ ᠲᠠᠢ ᠬᠤᠯᠤ ᠪᠠᠷ ᠳᠦᠭᠦᠷᠭᠡᠵᠦ ᠠᠪᠤᠭᠠᠳ ᠠᠰᠠᠭᠤᠭᠰᠠᠨ ᠨᠢ ᠄
- ᠲᠠ ᠮᠣᠬᠠᠮᠮᠢᠳ᠋ ᠱᠠᠭ ᠦ᠋ᠨ ᠡᠮᠴᠢ ᠶ᠋ᠢ ᠳᠠᠭᠠᠵᠤ ᠂ ᠮᠡᠷᠬᠢᠳ ᠦ᠋ᠨ ᠬᠤᠲᠤ ᠪᠠᠷᠯᠠᠬᠠᠰᠠᠨ ᠤᠲᠠᠬ᠋᠎ᠠ ᠲᠠᠢ ᠭᠡᠰᠡᠨ
ᠪᠠᠶ᠋ᠢᠨ᠎ᠠ ᠡ ᠃
- ᠲᠡᠶ᠋ᠢᠮᠦ ᠡ ᠂ ᠬᠤᠶᠠᠷ ᠵᠢᠯ ᠦ᠋ᠨ ᠡᠮᠦᠨ᠎ᠡ ᠭᠡᠵᠦ ᠨᠠᠰᠢᠷ ᠬᠠᠷᠢᠭᠤᠯᠪᠠ ᠃
- ᠪᠢ ᠳᠠᠰᠢᠶᠠᠷᠠᠭᠰᠠᠨ ᠦᠭᠡᠢ ᠪᠤᠯ ᠲᠡᠷᠡ ᠴᠠᠭ ᠲᠦ ᠬᠦᠴᠦᠯᠦᠭ ᠦ᠋ᠨ ᠡᠰᠡᠷᠭᠦ ᠬᠤᠯᠪᠤᠭᠠᠨ ᠳ᠋ᠤ᠌ ᠮᠡᠷᠬᠢᠳ ᠊ᠢ ᠡᠯᠰᠡᠭᠦᠯᠬᠦ ᠭᠡᠵᠦ ᠬᠤᠷᠸᠽᠠᠮ
ᠱᠠᠭ ᠣᠷᠣᠯᠲᠣᠭᠰᠠᠨ ᠃ ᠬᠣᠲᠣ ᠨᠣᠶᠠᠨ ᠠᠯᠢ ᠴᠤ᠌ ᠲᠠᠯ᠎ᠠ ᠳ᠋ᠤ᠌ ᠤᠷᠤᠬᠤ ᠦᠭᠡᠢ ᠭᠡᠵᠦ ᠠᠮᠠᠯᠠᠭᠰᠠᠨ ᠮᠥᠷᠲᠡᠯ᠎ᠡ
ᠪᠠᠨ ᠂ ᠳᠠᠷᠠᠬ᠋᠎ᠠ ᠵᠢᠯ ᠬᠤᠲᠤᠩ ᠦ᠋ᠨ 613 ᠳ᠋ᠤᠭᠠᠷ ᠤᠨ ᠪ ᠬᠠᠪᠤᠷ ᠦ᠋ᠨ ᠪᠤᠲᠤᠯᠢᠶᠠᠨ ᠶ᠋ᠢᠠᠷ ᠨᠠᠢ᠍ᠮᠠᠨ
ᠪ ᠤᠷᠭᠤᠲᠤᠤᠯ ᠬᠠᠨ ᠊ᠢ ᠳᠡᠮᠵᠢᠭᠰᠡᠨ ᠰᠠᠨᠠᠭᠲᠠᠨ᠎ᠠ ᠃
- ᠬᠢᠵᠢᠷ ᠦ᠋ᠨ ᠲᠤᠭᠠᠯᠠᠯ ᠭᠡᠳᠡᠭ ᠭᠡᠵᠦ ᠨᠠᠰᠢᠷ ᠵᠠᠰᠠᠪᠤᠷᠢᠯᠠᠪᠠ
᠃ ᠰᠥᠪᠡᠭᠡᠲᠡᠢ ᠥᠯᠥ ᠮᠡᠳᠡᠭ ᠢᠨᠢᠶᠡᠮᠰᠦᠭᠯᠡᠭᠰᠡᠨ ᠢᠶᠠᠨ᠄
- ᠲᠡᠷᠡ ᠦᠢᠮᠡᠭᠡᠨ ᠲᠠᠨ ᠳ᠋ᠤ᠌ ᠨᠡᠭᠡᠷᠡᠨ ᠬᠠᠯᠠᠲᠠᠶ᠋ᠢᠬᠠᠨ ᠦᠨᠳᠦᠷᠯᠡᠭᠰᠡᠨ ᠊ᠢ ᠪᠢ ᠰᠤᠨᠤᠰᠤᠭᠰᠠᠨ ᠰᠢᠭ᠋ ᠃ ᠲᠠᠨ ᠊ᠢ ᠨᠠᠲᠠ ᠳ᠋ᠤ᠌ ᠵᠠᠭᠤᠴᠢᠯᠠᠬᠤ ᠳ᠋ᠠᠭᠠᠨ ᠳᠤᠭᠤᠯᠠᠬ᠋ᠠ ᠨᠤᠶᠠᠨᠲᠠᠨ ᠨᠢᠭᠡ ᠦᠭᠡ ᠴᠤᠬᠤᠶ᠋ᠢᠯᠭᠠᠵᠤ ᠪᠠᠶ᠋ᠢᠬᠰᠠᠨ ᠃ ᠨᠤᠶ᠋ᠢᠷ
ᠠᠯᠲᠠᠵᠤ ᠶᠠᠲᠠᠷᠠᠬ᠋ᠠ ᠦᠭᠡᠢ ᠪᠣᠯ ᠲᠡᠷᠡ ᠶᠠᠪᠤᠲᠠᠯ ᠶ᠋ᠢᠡᠨ ᠶᠠᠷᠢ ᠯᠠ ᠳ᠋ᠠ ᠃ ᠮᠢᠨᠤ ᠨᠤᠶ᠋ᠢᠷ ᠴᠤ᠌ ᠴᠡᠯᠮᠡᠴᠢᠬᠡᠯᠡ ᠃ ᠢᠩᠬᠢᠰᠬᠢᠭᠡᠳ ᠥᠷᠯᠥᠭᠡᠨ ᠪ ᠤᠮᠲᠠ
ᠢᠷᠡᠨ᠎ᠡ ᠃ ᠲᠠᠨ ᠊ᠢ ᠪᠢ ᠵᠤᠴᠢᠨ ᠪᠤᠯᠭᠠᠵᠤ ᠬᠦᠨᠳᠦᠯᠡᠭᠰᠡᠨ ᠦᠭᠡᠢ ᠭᠡᠪᠡᠯ ᠨᠠᠰᠢᠷ ᠦ᠋ᠨ ᠬᠦᠷᠡᠩ ᠴᠢᠷᠠᠢ ᠥᠯᠥ ᠮᠡᠳᠡᠭ ᠤᠯᠠᠪᠤᠷᠲᠠᠭᠠᠳ ᠪᠢᠴᠢᠬᠠᠨ ᠪᠣᠲᠣᠮᠠᠭᠯᠠᠭᠰᠠᠨ ᠶ᠋ᠢᠠᠨ ᠨᠢᠭᠡᠨᠲᠡ ᠡᠵᠡᠨ ᠨᠠᠶ᠋ᠢᠷᠰᠠᠭ ᠪᠠᠶ᠋ᠢᠬᠤ ᠳ᠋ᠤ᠌ ᠥᠪᠡᠷ ᠶ᠋ᠢᠡᠨ ᠬᠥᠨᠲᠡᠢ ᠲᠦᠨᠲᠦᠢ ᠰᠢᠯᠲᠠᠭᠠᠨ
ᠦᠭᠡᠢ ᠮᠡᠲᠦ ᠰᠠᠨᠠᠭᠲᠠᠭᠰᠠᠨ ᠲᠤᠯᠠ ᠡᠶ᠋ᠢᠮᠦᠷᠬᠦ ᠦᠶ᠎ᠡ ᠳ᠋ᠤ᠌ ᠪᠠᠶ᠋ᠢᠵᠤ ᠪᠤᠯᠬᠤ ᠬᠡᠮᠵᠢᠶᠡᠨ ᠳ᠋ᠤ᠌ ᠬᠡ ᠦᠭᠡᠶ᠋ᠢᠬᠡᠨ
ᠢᠨᠢᠶᠡᠭᠡᠳ ᠰᠠᠭᠤᠲᠠᠯ ᠶ᠋ᠢᠠᠨ ᠵᠠᠰᠠᠨ ᠲᠤᠭᠯᠠᠪᠠ ᠃
ᠭᠠᠳᠠᠭ᠎ᠠ ᠦᠦᠷ ᠴᠠᠢᠵᠤ ᠡᠬᠢᠯᠡᠯ᠎ᠡ᠃ ᠳ᠋ᠧᠩ ᠦ᠋ᠨ ᠭᠡᠷᠡᠯ ᠪᠠᠷᠤᠭ ᠮᠡᠳᠡᠭᠳᠡᠬᠦ ᠦᠭᠡᠢ ᠪᠣᠯᠤᠭᠰᠠᠨ ᠲᠤᠯᠠ ᠰᠦᠪᠡᠭᠡᠳᠡᠢ ᠪᠥᠬᠥᠭᠡᠭᠡᠳ ᠠᠢᠷᠠᠭ ᠬᠡᠷᠡᠭᠯᠡᠳᠡᠭ ᠦᠭᠡᠢ ᠬᠡᠯᠡᠮᠦᠷᠴᠢ ᠪᠡᠨ ᠬᠣᠭᠣᠯᠠᠢ ᠪᠠᠨ ᠨᠣᠷᠭᠠᠭ ᠭᠡᠵᠦ ᠳᠡᠷᠭᠡᠳᠡᠬᠢ ᠶᠠᠪᠠᠭᠠᠨ ᠰᠢᠷᠡᠭᠡᠨ ᠳᠡᠭᠡᠷ᠎ᠡ ᠡᠴᠡ ᠰᠢᠮᠦᠭᠦᠰᠦ ᠭᠡᠮᠡᠭᠦ ᠠᠯᠢᠮ᠎ᠠ ᠶ᠋ᠢᠨ ᠥᠳᠬᠡᠨ ᠬᠠᠨᠳᠠ ᠶ᠋ᠢ ᠪᠠᠬᠢᠮ ᠰᠢᠪᠠᠷ ᠠᠶᠠᠭᠠᠨ ᠤ᠋ ᠬᠠᠮᠲᠤ ᠳᠥᠬᠥᠭᠦᠯᠪᠡ᠃
ᠨᠠᠰᠢᠷ
ᠨᠢᠭᠡ ᠠᠶᠠᠭ᠎ᠠ ᠰᠢᠮᠦᠭᠦᠰᠦ ᠵᠠᠯᠭᠢᠯᠠᠴᠢᠬᠠᠭᠠᠳ ᠰᠠᠬᠠᠯ ᠢ᠋ᠶ᠋ᠠᠨ ᠵᠠᠰᠠᠭᠰᠠᠨ ᠢ᠋ᠶ᠋ᠠᠨ ᠶᠠᠷᠢᠶ᠎ᠠ ᠪᠡᠨ ᠡᠬᠢᠯᠡᠪᠡ᠃
- ᠤᠢᠭᠤᠷ᠂ ᠠᠯᠢᠮᠠᠷ ᠴᠥᠮ ᠴᠢᠩᠭᠢᠰ ᠬᠠᠭᠠᠨ ᠳ᠋ᠤ᠌ ᠬᠠᠨᠳᠤᠵᠤ᠂ ᠮᠡᠷᠭᠢᠳ ᠤ᠋ᠨ ᠦᠯᠡᠳᠡᠭᠳᠡᠯ ᠬᠠᠷ᠎ᠠ ᠬᠢᠳᠠᠨ ᠢ᠋ ᠲᠡᠮᠵᠢᠭᠦ ᠨᠢ ᠡᠷᠡᠭᠡᠯᠵᠡᠭᠡ ᠦᠭᠡᠢ ᠪᠣᠯᠤᠭᠰᠠᠨ ᠲᠤᠯᠠ ᠮᠣᠬᠠᠮᠮᠢᠳ᠋ ᠱᠠᠭ᠂ ᠬᠦᠴᠦᠯᠦᠭ ᠢ᠋ ᠥᠪᠡᠷ ᠦ᠋ᠨ ᠬᠦᠴᠦ ᠪᠡᠷ ᠨᠢᠴᠤᠭᠠᠬᠤ ᠠ᠋ᠴᠠ ᠥᠭᠡᠷ᠎ᠡ ᠠᠷᠭ᠎ᠠ ᠦᠭᠡᠢ ᠪᠣᠯᠤᠭᠰᠠᠨ ᠶᠤᠮ᠃ ᠭᠡᠲᠡᠯ᠎ᠡ ᠲᠡᠭᠦᠨ ᠦ᠌ ᠳᠣᠣᠷᠠᠬᠢ ᠵᠠᠩᠵᠤᠨ ᠨᠤᠭᠤᠳ᠂
ᠨᠣᠶᠠᠳ
ᠢ᠋ᠶ᠋ᠠᠷ ᠪᠦᠷ ᠬᠤᠪᠢ ᠪᠠᠨ ᠬᠢᠴᠢᠶᠡᠵᠦ᠂ ᠪᠠᠰᠠ ᠬᠢᠪᠴᠠᠭ ᠬᠠᠳᠠᠮ ᠤ᠋ᠳ ᠨᠢ ᠲᠡᠭᠦᠨ ᠢ᠋ ᠲᠦᠷᠺᠮᠧᠨ ᠨᠤᠭᠤᠳ ᠲᠠᠢ
ᠬᠠᠭᠠᠷᠠᠯᠳᠤᠭᠤᠯᠤᠭᠰᠠᠨ ᠠ᠋ᠴᠠ ᠪᠣᠯᠵᠤ᠂ ᠱᠠᠭ ᠮᠠᠨᠢ ᠲᠣᠩ ᠬᠡᠴᠡᠭᠦᠦ ᠪᠠᠢᠳᠠᠯ ᠳ᠋ᠤ᠌ ᠣᠷᠣᠯ᠎ᠠ᠃ ᠪᠢ ᠲᠡᠷᠡ ᠦᠶᠡᠰ ᠱᠠᠭ ᠤ᠋ᠨ ᠣᠷᠳᠣᠨ ᠳ᠋ᠤ᠌ ᠨᠡᠷ᠎ᠡ ᠨᠢᠭᠤᠷ ᠢ᠋ᠶ᠋ᠠᠨ ᠨᠡᠮᠡᠭᠦ ᠶ᠋ᠢᠨ ᠲᠤᠯᠠᠳᠠ᠂ ᠲᠡᠪ ᠤ᠋ᠨ ᠡᠮᠦᠨ᠎ᠡ ᠲᠡᠮᠦᠷ ᠮᠧᠯᠢᠭ᠌ ᠢ᠋ ᠭᠦᠢᠴᠡᠬᠦ ᠬᠡᠷᠡᠭᠲᠡᠢ
ᠪᠠᠢᠯ᠎ᠠ᠃
ᠮᠧᠯᠢᠭ᠌ ᠸᠠᠩ ᠪᠣᠯ ᠱᠠᠭ ᠮᠣᠬᠠᠮᠮᠢᠳ᠋᠂ ᠲᠡᠭᠦᠨ ᠦ᠌ ᠲᠥᠷᠥᠯ ᠬᠠᠳᠤᠨ ᠤ᠋ ᠬᠦᠦ ᠵᠧᠯᠡᠯ ᠡᠳ᠋ ᠳ᠋ᠢᠨ ᠬᠣᠶᠠᠷ ᠢ᠋ ᠯᠠ ᠡᠵᠡᠨ ᠢ᠋ᠶ᠋ᠡᠨ ᠭᠡᠵᠦ ᠦᠵᠡᠳᠡᠭ᠂ ᠦᠨᠡᠨᠴᠢ ᠪᠠᠭᠠᠲᠤᠷ ᠡᠷ᠎ᠡ ᠪᠢᠯᠡ᠃
- ᠭᠡᠬᠦ ᠳ᠋ᠡᠭᠡᠨ ᠲᠡᠷᠡ ᠴᠢᠨᠢ ᠲᠤᠰ ᠲᠠᠭᠠᠨ ᠬᠣᠲᠠ ᠪᠠᠯᠭᠠᠳ᠂ ᠠᠯᠪᠠᠲᠤ ᠢᠷᠭᠡᠳ ᠲᠡᠢ ᠲᠣᠮᠣ᠌ ᠡᠵᠡᠨ ᠰᠢᠤ ᠳᠠ ᠭᠡᠵᠦ ᠰᠦᠪᠡᠭᠡᠳᠡᠢ ᠪᠠᠭᠠᠲᠤᠷ ᠬᠡᠯᠡᠪᠡ᠃
- ᠴᠣᠬᠣᠮ ᠲᠡᠢᠮᠦ ᠳ᠋ᠡᠭᠡᠨ ᠴᠦ᠍ ᠲᠡᠷᠡ ᠲᠣᠷᠬᠠᠨ ᠬᠠᠳᠤᠨ ᠤ᠋ ᠲᠠᠯ᠎ᠠ ᠶ᠋ᠢᠨ ᠬᠢᠨ ᠢ᠋ ᠣᠳᠣ᠌ ᠪᠤᠯᠲᠠᠯ᠎ᠠ ᠠᠶᠤᠯᠭᠠᠭᠰᠠᠭᠠᠷ ᠪᠠᠢᠭ᠎ᠠ ᠶᠤᠮ ᠭᠡᠵᠦ ᠨᠠᠰᠢᠷ ᠨᠡᠮᠡᠭᠡᠳ᠄
- ᠨᠠᠰᠤᠨ ᠲᠤᠷᠰᠢ ᠳ᠋ᠠᠭᠠᠨ ᠶᠡᠬᠡ ᠡᠵᠡᠳ ᠢ᠋ ᠴᠢᠷᠠᠢᠴᠢᠯᠠᠵᠤ᠂ ᠲᠡᠳᠡᠨ ᠦ᠌ ᠠᠩᠬᠠᠷᠤᠯ ᠳ᠋ᠤ᠌ ᠥᠷᠳᠦᠭᠦ ᠭᠡᠵᠦ ᠵᠢᠳᠬᠦᠭᠰᠡᠭᠡᠷ ᠥᠩᠭᠡᠷᠡᠭᠰᠡᠨ ᠮᠢᠨᠤ ᠠᠮᠢᠳᠤᠷᠠᠯ ᠤ᠋ᠨ ᠭᠠᠰᠢᠭᠤᠨ ᠢ᠋ ᠭᠠᠳᠠᠷᠯᠠᠬᠤ ᠬᠥᠮᠥᠨ ᠬᠣᠪᠣᠷ ᠪᠢᠵᠡ ᠠ᠋᠃ ᠬᠡᠳᠦᠨ ᠵᠢᠯ ᠪᠠᠷᠯᠤᠭ ᠮᠡᠲᠦ ᠴᠢᠷᠠᠢᠯᠠᠵᠤ᠂
ᠢᠲᠡᠭᠡᠭᠳᠡᠭᠰᠡᠨ ᠦ᠌ ᠪᠡᠨ ᠲᠥᠯᠥᠭᠡ ᠱᠠᠭ ᠳ᠋ᠤ᠌ ᠰᠢᠳᠠᠷᠯᠠᠬᠤ ᠪᠣᠯᠣᠮᠵᠢ ᠭᠠᠷᠤᠯ᠎ᠠ ᠭᠡᠵᠦ ᠦᠵᠡᠭᠡᠳ ᠪᠢ ᠨᠠᠢ᠍ᠮᠠᠨ ᠤ᠋ ᠣᠪᠵᠢᠨ ᠵᠠᠯᠠᠭᠤ ᠬᠠᠨ ᠢ᠋ ᠳᠣᠷᠣᠢᠲᠠᠭᠤᠯᠬᠤ ᠠᠷᠭ᠎ᠠ ᠪᠤᠯᠪᠠᠰᠤᠷᠠᠭᠤᠯᠵᠤ᠂ ᠮᠣᠬᠠᠮᠮᠢᠳ᠋ ᠢ᠋ ᠭᠠᠭᠴᠠᠭᠠᠷ ᠪᠠᠢᠬᠤ ᠡᠪ ᠢ᠋ ᠲᠠᠭᠠᠷᠠᠭᠤᠯᠤᠨ ᠢᠳᠬᠠᠵᠤ ᠠᠮᠵᠢᠭ᠍ᠰᠠᠨ ᠶᠤᠮ᠃ ᠮᠢᠨᠤ ᠲᠥᠯᠥᠪᠯᠡᠭᠡ ᠲᠣᠪᠴᠢᠬᠠᠨ᠂
ᠪᠡᠶᠡᠯᠡᠬᠦ ᠳ᠋ᠤ᠌ ᠭᠢᠯᠪᠠᠷ ᠪᠠᠢᠪᠠ᠃ ᠬᠣᠷᠧᠽᠠᠮ ᠪᠣᠯ ᠤ᠌ᠭ ᠠ᠋ᠴᠠ ᠪᠠᠨ ᠬᠠᠷ᠎ᠠ ᠬᠢᠳᠠᠨ ᠳ᠋ᠦ᠍ ᠠᠯᠪᠠ ᠡᠷᠭᠦᠵᠦ ᠪᠠᠢᠭᠰᠠᠨ᠂ ᠰᠡᠭᠦᠯ ᠦ᠋ᠨ ᠬᠡᠳᠦᠨ ᠵᠢᠯ ᠳ᠋ᠦ᠍ ᠡᠭᠦᠨ ᠢ᠋ ᠪᠡᠨ ᠪᠣᠯᠢᠭ᠍ᠰᠠᠨ ᠪᠤᠯᠪᠠᠴᠤ ᠬᠡᠷᠡᠭᠦᠯ ᠮᠠᠷᠭᠤᠭᠠᠨ ᠶᠡᠬᠡ ᠲᠡᠢ᠂ ᠨᠢᠭᠡ ᠲᠠᠯ᠎ᠠ ᠤᠷᠤᠭᠤ ᠨᠢ ᠰᠢᠢᠳᠦᠭᠰᠡᠨ ᠦᠭᠡᠢ ᠪᠠᠢᠪᠠ᠃ ᠲᠡᠢᠮᠦ ᠪᠤᠯᠬᠤ ᠪᠠᠷ ᠪᠢ 《 ᠬᠣᠶᠠᠷ ᠤᠯᠤᠰ ᠢ᠋ ᠬᠢᠯᠢ ᠨᠡᠢᠯᠡᠬᠦ ᠬᠤᠲᠠ ᠳ᠋ᠤ᠌ ᠬᠣᠷᠧᠽᠠᠮ ᠠᠯᠪᠠ ᠡᠷᠭᠦᠨ᠎ᠡ᠃ ᠬᠢᠳᠠᠨ ᠦ᠌ ᠬᠠᠨ ᠵᠠᠪᠠᠯ ᠥᠪᠡᠷ ᠢ᠋ᠶ᠋ᠡᠨ ᠬᠦᠯᠢᠶᠡᠵᠦ ᠠᠪ
》 ᠭᠡᠵᠦ ᠱᠠᠭᠠᠷᠳᠠᠭᠠᠳ ᠲᠡᠨᠳᠡ ᠨᠢ ᠬᠦᠴᠦᠯᠦᠭ ᠢ᠋ ᠪᠠᠷᠢᠪᠴᠢᠯᠠᠬᠤ ᠪᠠᠷ ᠪᠤᠳᠣᠬ᠍ᠰᠠᠨ ᠶᠤᠮ᠃ ᠮᠣᠬᠠᠮᠮᠢᠳ᠋ ᠱᠠᠭ ᠮᠢᠨᠤ ᠰᠠᠨᠠᠯ ᠢ᠋ ᠮᠠᠰᠢ ᠳᠤᠷᠠᠲᠠᠢ ᠵᠥᠪᠰᠢᠶᠡᠷᠡᠵᠦ᠂ ᠬᠢᠬᠦ
ᠦᠢᠯᠡᠳᠦᠯ ᠢ᠋ ᠪᠦᠭᠦᠳᠡ ᠶ᠋ᠢ ᠥᠪᠡᠷ ᠢ᠋ᠶ᠋ᠡᠨ ᠳᠠᠭᠠᠭ᠎ᠠ ᠭᠡᠵᠦ ᠲᠤᠰᠢᠶᠠᠯ᠎ᠠ᠃ ᠲᠡᠭᠡᠭᠡᠳ ᠲᠡᠮᠦᠷ ᠮᠧᠯᠢᠭ᠌ ᠪᠠᠢᠲᠤᠭᠠᠢ ᠬᠠᠨ ᠬᠦᠦ ᠵᠧᠯᠡᠯ ᠡᠳ᠋ ᠳ᠋ᠢᠨ ᠴᠦ᠍ ᠵᠠᠬᠢᠷᠴᠤ ᠦᠵᠡᠭᠰᠡᠨ ᠦᠭᠡᠢ ᠱᠠᠭ ᠤ᠋ᠨ ᠲᠣᠷᠭᠠᠨ ᠴᠡᠷᠢᠭ ᠮᠢᠨᠤ ᠮᠡᠳᠡᠯ ᠳ᠋ᠦ᠍ ᠣᠷᠣᠭᠠᠳ ᠢᠷᠡᠬᠦ ᠨᠢ ᠲᠡᠷᠡ᠃ ᠪᠢ ᠴᠦ᠍ ᠬᠥᠳᠡᠯᠦᠯ᠎ᠡ᠃
ᠬᠣᠶᠠᠷ ᠡᠳᠦᠷ ᠦᠨ ᠳᠣᠲᠣᠷ᠎ᠠ ᠵᠢᠩ ᠲᠠᠩ ᠪᠣᠯᠭᠠᠨ᠂ ᠭᠠᠨᠴᠠ ᠭᠣᠣᠯ ᠵᠦᠢᠯ ᠪᠡᠯᠡᠭ ᠦᠨ ᠮᠠᠩᠯᠠᠢ ᠬᠡᠦᠬᠡᠨ ᠢᠶᠡᠨ ᠬᠦᠯᠢᠶᠡᠵᠦ ᠪᠠᠢᠯ᠎ᠠ᠃ ᠬᠡᠦᠬᠡᠨ ᠬᠤᠳᠠᠯᠳᠤᠵᠤ ᠠᠪᠬᠤ ᠪᠠᠷ ᠪᠢ ᠥᠪᠡᠷ ᠢᠶᠡᠨ ᠶᠠᠪᠤᠭᠰᠠᠨ ᠦᠭᠡᠢ ᠶᠤᠮ ᠯᠠ ᠳ᠋ᠠ᠃
- ᠶᠠᠭᠠᠬᠢᠭᠠᠳ ᠲᠡᠷᠡ ᠪᠤᠢ ? ᠮᠢᠨᠦ
ᠪᠣᠲᠣᠬᠤ ᠳᠤ ᠴᠡᠷᠢᠭ ᠪᠥᠭᠬᠥᠭᠦᠯᠬᠦ ᠡᠴᠡ ᠢᠯᠠᠭᠦᠤ ᠡᠨᠡ ᠴᠢᠨᠢ ᠯᠡ ᠪᠦᠬᠥᠨ ᠢ᠋ ᠰᠢᠢᠤᠠᠬᠦ ᠪᠡᠶ᠋ᠢᠠᠨᠰᠠᠨ ᠪᠣᠰᠥ ᠤᠤ ? ᠭᠡᠵᠦ ᠰᠦᠪᠡᠬᠡᠲᠡᠢ ᠡᠷᠡᠰᠬᠡᠨ ᠬᠡᠯᠡᠪᠡ ᠃ ᠨᠠᠰᠢᠷ ᠴᠢᠷᠠᠢ ᠪᠠᠨ ᠪᠠᠷᠥᠶ᠋ᠢᠯᠭᠠᠵᠤ ᠄
- ᠲᠠᠨ ᠪ ᠵᠦᠪ ᠃ ᠭᠡᠬᠥ ᠳ᠋ᠡᠭᠡᠨ ᠯᠠ ᠪᠢ ᠶᠠᠪᠣᠵᠤ ᠪᠤᠯᠬᠣ ᠦᠭᠡᠢ ᠪᠠᠶ᠋ᠢᠬᠰᠠᠨ ᠶᠤᠮ ᠭᠡᠵᠤ ᠵᠦᠷᠢᠪᠡ ᠃
- ᠡᠨᠡ ᠴᠤ᠌ ᠵᠠᠩᠵᠤᠨ ᠬᠦᠮᠥᠨ ᠪ ᠲᠡᠶ᠋ᠢᠯᠪᠤᠷᠢ ᠪᠢᠰᠢ ᠪᠡᠶ᠋ᠢᠨᠠ
ᠬᠡᠵᠤ ᠰᠦᠪᠡᠬᠡᠲᠡᠢ ᠲᠡᠶ᠋ᠢᠪᠤᠩ ᠶ᠋ᠢᠠᠷ ᠮᠤᠬᠤᠭᠠᠪᠠᠯ ᠴᠠᠭᠠᠲᠤᠬᠢ ᠨᠢ ᠄
- ᠮᠢᠨᠦ ᠠᠮᠢᠲᠤᠷᠠᠯ ᠦ᠋ᠨ ᠡᠭᠡᠵᠢᠭᠲᠡᠢ ᠦᠶ᠎ᠡ ᠳᠤ ᠪᠦᠰᠡᠭᠦᠶ᠋ᠢᠴᠦᠳ ᠯᠠ ᠭᠠᠢ ᠪᠤᠯᠲᠠᠭ
ᠪᠡᠶ᠋ᠢᠠᠰᠠᠨ ᠶᠤᠮ ᠃ ᠲᠡᠬᠡᠬᠡᠳ ᠯᠠ ᠪᠢ ᠵᠠᠢᠯᠠᠰᠬᠢᠭ᠌ᠰᠡᠨ ᠬᠡᠷᠡᠭ ᠯᠠ ᠳ᠋ᠠ ᠭᠡᠵᠦ ᠳᠤᠷᠠᠮᠵᠢᠬᠠᠨ ᠲᠡᠶ᠋ᠢᠯᠪᠤᠷᠢᠯᠠᠪᠡ ᠃
- ᠲᠡᠭᠡᠪᠡᠯ ᠡᠬᠢᠨ ᠡᠴᠡ ᠪᠡᠨ ᠪᠤᠷᠣᠭᠤ ᠪᠤᠯᠴᠢᠬᠠᠵᠢ ᠃ ᠡᠮᠡᠰ ᠢ᠋ ᠤᠷᠣᠭᠤᠯᠤᠯ ᠦᠭᠡᠢ ᠪᠡᠷ ᠲᠡᠶ᠋ᠢᠮᠤ
ᠤᠪ ᠵᠣᠬᠢᠶᠠᠬᠤ ᠳᠤ ᠲᠠᠨ ᠪ ᠳᠤᠷᠰᠢᠯᠬ᠋ᠠ ᠬᠠᠩᠭᠠᠯᠲᠠᠲᠠᠢ ᠬᠦᠷᠤᠯᠴᠡᠬᠦ ᠪᠡᠶ᠋ᠢᠠᠨᠰᠠᠨ ᠳ᠋ᠠ ᠃
ᠨᠠᠰᠢᠷ ᠠᠯᠠᠬ᠋᠎ᠠ ᠪᠡᠨ ᠲᠡᠯᠭᠡᠨ ᠦᠬᠡᠲᠡ ᠪᠡᠨ ᠬᠠᠷᠠᠭᠠᠳ
᠂
- ᠪᠦᠭᠥᠲᠡ ᠶ᠋ᠢ ᠠᠯᠯᠠᠾ ᠲᠩᠷᠢ ᠮᠡᠲᠡᠨ᠎ᠡ ᠭᠡᠰᠡᠨ ᠶ᠋ᠢᠡᠨ ᠄ ᠡᠨᠡ ᠪᠥᠬᠥᠨ ᠣᠲᠣ ᠨᠢᠭᠡᠨᠲᠡ ᠦᠩᠬᠡᠷᠡᠵᠢ ᠃ ᠬᠤᠶᠠᠲᠠᠬᠢ
ᠡᠲᠥᠷ ᠦ᠋ᠨ ᠤᠷᠤᠢ ᠨᠢᠭᠡᠨ ᠡᠮᠩᠲᠡᠢ ᠶ᠋ᠢ ᠠᠪᠴᠢᠷᠠᠪᠠ ᠃ ᠬᠡᠦᠬᠡᠨ ᠴᠤ᠌ ᠭᠡᠵᠦ ᠬᠡᠦᠬᠡᠨ ᠃ ᠲᠦᠷᠺ ᠮᠠᠶᠢᠬ ᠦ᠋ᠨ ᠡᠷᠡᠰ ᠬᠣᠷᠴᠠ ᠪᠢᠰᠢ ᠂
ᠲᠠᠯ᠎ᠠ ᠶ᠋ᠢᠨ ᠬᠢᠨ ᠪ ᠴᠢᠰᠤ ᠲᠠᠢ ᠪᠤᠯᠤᠯᠲᠡᠢ ᠲᠠᠯᠪᠢᠭᠤᠨ ᠴᠢᠷᠠᠢ ᠲᠠᠢ ᠂ ᠬᠠᠷᠠᠴᠠ ᠨᠢ ᠯᠠ ᠳᠡᠩᠳᠡᠭᠦᠦ ᠵᠤᠷᠢᠮᠠᠭ
ᠪᠠᠶ᠋ᠢᠬᠰᠠᠨ ᠳ᠋ᠠ ᠃ ᠠ ᠲᠡᠶ᠋ᠢᠮᠤ ᠂ ᠲᠡᠭᠦᠨ ᠪ ᠵᠡᠭᠦᠨ ᠨᠢᠲᠦᠨ ᠪ ᠳᠤᠤᠷ᠎ᠠ ᠡᠭᠳᠡᠭᠦᠦ ᠲᠡᠢ ᠵᠤᠬᠢᠬᠰᠨ ᠮᠡᠩᠭᠡ
ᠪᠡᠶ᠋ᠢᠵᠥ ᠪᠢᠯᠡ ᠃ ᠲᠠ 《 ᠮᠢᠩᠬ᠋᠎ᠠ ᠨᠢᠭᠡᠨ
ᠰᠥᠨᠢ ᠶ᠋ᠢᠨ ᠦᠯᠢᠬᠡᠷ 》 ᠢ᠋ ᠮᠡᠲᠡᠬᠦ
ᠦᠦ ?
- ᠬᠠᠴᠠᠷ ᠳᠡᠭᠡᠷ᠎ᠡ ᠪᠡᠨ ᠮᠡᠩᠭᠡ ᠲᠡᠢ ᠭᠡᠵᠦ ᠲᠡᠭᠦᠨ ᠊ᠢ ᠪᠤᠤ
ᠪᠠᠰᠤᠮᠵᠢᠯᠠ ! ᠬᠠᠷ᠎ᠠ ᠴᠩ ᠪᠦᠬᠥᠨ ᠶ᠋ᠢᠡᠷ ᠰᠠᠷᠠᠨᠠᠢ ᠴᠡᠴᠡᠭ ᠊ᠢ ᠲᠡᠮᠲᠡᠭᠯᠡᠵᠡᠢ ᠬᠡᠵᠤ ᠰᠦᠪᠡᠭᠡᠲᠡᠢ ᠪᠠᠭᠠᠲᠤᠷ ᠊ᠢ ᠬᠡᠯᠡᠬᠦ ᠳᠤ ᠨᠠᠰᠢᠷ ᠠᠯᠠᠬ᠋᠎ᠠ ᠳᠠᠰᠢᠵᠤ ᠄
- ᠴᠤᠬᠤᠮ ᠲᠡᠷᠡ ᠰᠢᠯᠦᠭ ᠰᠠᠨᠠᠭᠠᠨ ᠳᠤ ᠣᠷᠣᠭᠰᠠᠨ ᠳ᠋ᠠ ᠃
ᠲᠡᠭᠦᠨ ᠊ᠢ ᠰᠡᠤᠬᠡᠨ ᠳᠤ ᠰᠠᠭᠤᠯᠭᠠᠬᠤ ᠳᠤ ᠢᠴᠢᠩᠬᠦᠢᠷᠡᠭᠰᠡᠨ ᠰᠢᠨᠵᠢ ᠦᠭᠡᠢ ᠂ ᠬᠠᠷᠢᠨ ᠴᠤ᠌ ᠰᠢᠢᠳᠦᠭᠰᠡᠨ ᠂ ᠨᠢᠭᠡ ᠯᠠ ᠬᠠᠴᠢᠨ ᠵᠤᠷᠢᠮᠠᠭ ᠡᠷᠡᠰᠢᠭᠦᠳ ᠪᠡᠶ᠋ᠢᠠᠰᠠᠨ ᠳᠤ ᠪᠢ ᠭᠠᠶ᠋ᠢᠬᠠᠵᠤ ᠪᠡᠶ᠋ᠢᠠᠰᠠᠨ ᠶ᠋ᠢᠠᠨ ᠰᠠᠨᠠᠵᠤ ᠪᠠᠶ᠋ᠢᠨ᠎ᠠ
ᠬᠡᠪᠡ ᠃ ᠰᠦᠪᠡᠬᠡᠲᠡᠢ ᠡᠠᠶ᠋ᠢᠷᠠᠭ ᠶ᠋ᠢᠠᠨ ᠲᠠᠭᠤᠰᠠᠬᠯ ᠦᠭᠡᠢ ᠲᠠᠯᠪᠢᠵᠤ ᠂ ᠲᠡᠭᠦᠨ ᠊ᠢ ᠨᠢᠭᠡ ᠵᠢᠭᠲᠡᠢ ᠰᠢᠷᠲᠡᠭᠰᠡᠨ ᠶ᠋ᠢᠡᠨ ᠂
- ᠲᠡᠶ᠋ᠢᠮᠤ ᠮᠡᠩᠭᠡ ᠶ᠋ᠢ 《
ᠨᠢᠯᠪᠤᠰᠤ ᠲᠤᠰᠤᠭᠰᠠᠨ ᠮᠡᠩᠭᠡ 》 ᠭᠡᠳᠡᠭ ᠶᠤᠮ ᠃ ᠨᠢᠯᠪᠤᠰᠤ ᠲᠤᠰᠤᠭᠰᠠᠨ ᠡᠷ᠎ᠡ ᠂ ᠡᠮ᠎ᠡ
ᠬᠡᠨ ᠪᠤᠯᠪᠠᠴᠤ ᠠᠵᠠ ᠵᠢᠷᠭᠠᠯ ᠲᠣᠲᠠᠭᠤ ᠪᠡᠶ᠋ᠢᠬᠤ ᠲᠦᠬᠡᠷᠭᠡ ᠲᠡᠢ ᠶᠤᠮ ᠭᠡᠨ᠎ᠡ ᠪᠢᠯᠡ ᠭᠡᠵᠦ ᠪᠣᠳᠣᠯᠭᠠᠰᠢᠷᠠᠩᠭᠤᠢ ᠬᠡᠯᠡᠪᠡ ᠃ ᠨᠠᠰᠢᠷ ᠡᠨᠡ ᠦᠭᠡ ᠶ᠋ᠢ ᠴᠢᠬᠢᠨ ᠪ ᠪᠡᠨ ᠬᠠᠵᠠᠭᠤ ᠪᠠᠷ ᠦᠩᠬᠡᠷᠡᠭᠡᠭᠡᠳ
- ᠲᠤᠪᠯᠠᠬᠰᠠᠨ
ᠭᠠᠵᠠᠷ ᠳᠠᠭᠠᠨ ᠪᠢᠳᠠ ᠬᠦᠯᠢᠶᠡᠯ᠎ᠡ᠄ ᠨᠠᠷᠠ ᠨᠡᠯᠢᠶᠡᠳ ᠳᠡᠭᠡᠷ᠎ᠡ ᠭᠦᠬᠡᠷᠡᠬᠦ ᠦᠶ᠎ᠡ ᠳᠦ ᠬᠠᠷ᠎ᠠ ᠭᠢᠳᠡᠨ ᠤ ᠡᠯᠴᠢ ᠨᠠᠷ ᠤᠨ ᠪᠠᠷ᠎ᠠ ᠬᠠᠷᠠᠭᠳᠠᠪᠠ᠃
ᠬᠦᠴᠤᠯᠤᠭ᠌ ᠤᠨ ᠤᠯᠠᠭᠠᠨ ᠬᠥᠬᠡ ᠠᠯᠠᠭᠯᠠᠭᠰᠠᠨ ᠰᠢᠭᠦᠷ ᠳᠡᠷᠪᠡᠯᠵᠢᠨ ᠣᠢᠷᠠᠳᠴᠤ ᠪᠡᠢᠭᠠ ᠶᠢ ᠪᠢ
ᠪᠡᠢᠵᠤ ᠶᠠᠳᠠᠨ ᠠᠵᠢᠭ᠍ᠯᠠᠵᠤ ᠪᠡᠢᠳᠠᠯᠠ ᠬᠠᠵᠠᠭᠤ ᠳᠤ ᠪᠠᠢᠭ᠍ᠰᠠᠨ ᠲᠣᠷᠭᠠᠨ ᠴᠡᠷᠢᠭ ᠦᠨ ᠳᠠᠭᠠᠭᠠᠮᠠᠯ ᠮᠢᠨᠤ ᠮᠦᠷᠤᠨ ᠠᠴᠠ ᠤᠭᠵᠠ ᠳᠠᠲᠠᠨ ᠬᠠᠰᠬᠢᠷᠤᠭᠰᠠᠨ᠃ ᠬᠠᠷᠠᠪᠠᠯ ᠨᠦᠭᠦᠬᠡ ᠪᠦᠰᠡᠬᠦᠢ ᠬᠦᠴᠤᠯᠤᠭ᠌ ᠲᠦ ᠵᠣᠷᠢᠭᠤᠯᠤᠭᠰᠠᠨ ᠦᠷᠭᠦᠭᠡᠨ ᠡᠴᠡ ᠭᠠᠷᠤᠭᠠᠳ ᠢᠷᠡᠴᠢᠭᠡᠭᠰᠡᠨ᠂ ᠮᠣᠷᠢᠳ ᠤᠷᠤᠭᠤ
ᠭᠦᠶᠤᠵᠤ ᠪᠡᠢᠯᠠ᠃ ᠬᠣᠶᠠᠷ ᠴᠤ᠌ ᠴᠡᠷᠢᠭ ᠪᠡᠷᠢᠵᠤ
ᠠᠪᠬᠤ ᠭᠡᠵᠤ ᠭᠦᠶᠤᠨ ᠣᠴᠢᠭᠠᠳ ᠳᠠᠷᠡᠢ ᠬᠠᠳᠤᠨ
ᠣᠢᠴᠢᠬᠤ ᠶᠢ ᠪᠢ ᠴᠣᠬᠣᠮ ᠮᠠᠯ ᠭᠠᠢᠬᠠᠨ ᠬᠠᠷᠠᠵᠤ ᠪᠠᠢᠭ᠍ᠰᠠᠨ ᠳ᠋ᠠ ᠤᠢ᠃ ᠲᠡᠷᠡ ᠭᠱᠠᠨ ᠳᠦ ᠶᠠᠭᠤ ᠬᠢᠬᠦ ᠶᠤᠰᠤᠳᠠᠢ ᠪᠠᠢᠭ᠍ᠰᠠᠨ ᠢᠶᠠᠨ ᠣᠳᠣ
ᠪᠤᠯᠳᠠᠯ᠎ᠠ ᠣᠢᠯᠠᠭᠠᠳᠠᠭ ᠦᠭᠡᠢ ᠶᠤᠮ᠃ ᠬᠠᠷᠢᠨ ᠳᠠᠭᠠᠭᠠᠮᠠᠯ ᠰᠡᠭᠡᠭᠡᠳᠡᠢ ᠡᠷ᠎ᠡ ᠪᠡᠢᠵᠡᠢ᠂ ᠬᠡᠳᠤᠢᠨᠡ ᠰᠤᠮᠤ ᠪᠡᠨ ᠣᠨᠢᠯᠠᠵᠤ ᠠᠮᠵᠢᠵᠡᠢ᠃
ᠪᠢ ᠬᠣᠷᠢᠭ᠍ᠯᠠᠵᠤ ᠠᠮᠵᠢᠭ᠍ᠰᠠᠨ ᠦᠭᠡᠢ᠂ ᠶᠠᠮᠠᠷ ᠴᠤ᠌ ᠭᠡᠰᠡᠨ ᠤᠢᠯᠡ ᠪᠦᠳᠤᠭᠦ ᠪᠠᠨ ᠪᠠᠢᠭ᠍ᠰᠠᠨ ᠢ ᠣᠢᠯᠠᠭᠠᠭᠠᠳ ᠨᠠᠮᠠᠷᠢ ᠳ᠋ᠤᠨᠢ ᠭᠡᠮ ᠦᠭᠡᠢ
ᠡᠮ᠎ᠡ ᠬᠦᠮᠤᠨ ᠤ ᠠᠮᠢ ᠬᠣᠬᠢᠷᠠᠭᠠᠳ ᠶᠠᠭᠠᠬᠢᠬᠤ ᠪᠣᠢ ᠭᠡᠵᠤ ᠪᠣᠳᠣᠭᠰᠠᠨ ᠬᠡᠷᠡᠭ᠃ ᠮᠣᠷᠢ ᠤᠨᠤᠵᠤ ᠠᠮᠵᠢᠭ᠍ᠰᠠᠨ ᠴᠤ᠌ ᠭᠡᠰᠡᠨ ᠲᠡᠷᠡ ᠪᠦᠰᠡᠭᠦᠢ ᠵᠢᠭᠤᠳᠠᠵᠤ
ᠶᠠᠪᠤᠭᠠᠳ ᠨᠢᠷᠤᠭᠤᠨ ᠳ᠋ᠠᠭᠠᠨ ᠰᠤᠮᠤ ᠵᠤᠭᠤᠯᠭᠠᠬᠤ
ᠪᠦᠰᠡᠭᠦᠢ ᠪᠢᠰᠢ ᠪᠡᠢᠵᠡᠢ᠃ ᠳᠠᠭᠠᠭᠠᠮᠠᠯ ᠢ
ᠬᠥᠪᠴᠢ ᠪᠠᠨ ᠲᠠᠯᠪᠢᠩᠭᠤᠲᠠ ᠬᠡᠤᠬᠡᠨ ᠡᠮᠡᠭᠡᠯ ᠳᠡᠭᠡᠷ᠎ᠡ ᠪᠠᠨ ᠶᠠᠮᠠᠷ ᠤᠷᠠᠨ ᠬᠣᠯᠪᠤᠷᠢᠭ᠍ᠰᠠᠨ ᠢ ᠪᠢ
ᠶᠡᠷᠤ ᠮᠠᠷᠳᠠᠬᠤ ᠦᠭᠡᠢ᠃ ᠬᠦᠭᠡᠷᠤᠭᠦᠢ ᠠᠮᠢᠳᠠᠨ ᠲᠦᠷᠤᠭᠡᠨ ᠳ᠋ᠡᠭᠡᠨ ᠴᠢᠷᠦᠭᠳᠡᠭᠡ ᠪᠣᠯᠪᠠ ᠤᠤ ᠭᠡᠳ
ᠬᠠᠷᠠᠳᠠᠯ᠎ᠠ᠂ ᠦᠭᠡᠢ ᠰᠢᠤ᠂ ᠰᠤᠮᠤ ᠲᠡᠷᠡ ᠴᠠᠭᠠᠨ᠎ᠠ ᠲᠣᠭᠣᠰᠣ ᠮᠠᠨᠠᠰᠭᠢᠯᠭᠡᠵᠤ᠂ ᠪᠦᠰᠡᠭᠦᠢ ᠬᠡᠳᠦᠢᠨ
ᠡᠮᠡᠭᠡᠯ ᠲᠡᠭᠡᠷ᠎ᠡ ᠪᠠᠨ ᠭᠠᠷᠴᠢᠬᠠᠭᠠᠳ ᠬᠦᠴᠤᠯᠤᠭ᠌ ᠤᠨ ᠬᠢᠨ ᠤ ᠥᠭᠡᠳᠡ ᠡᠴᠡ ᠲᠡᠭᠦᠯᠢᠵᠤ ᠪᠡᠢᠭᠠ ᠨᠢ ᠶᠠᠮᠠᠷ ᠴᠤ᠌ ᠵᠢᠭᠢᠳᠡ ᠡᠴᠡ ᠲᠤᠲᠠᠬᠤ ᠦᠭᠡᠢ ᠬᠠᠷᠠᠭᠳᠠᠵᠤ ᠪᠢᠯᠡ᠃ ᠨᠠᠰᠢᠷ ᠡᠢᠨ ᠬᠦ
ᠦᠭᠡ ᠪᠠᠨ ᠲᠡᠭᠦᠰᠬᠡᠭᠡᠳ ᠮᠡᠩᠭᠡᠳᠤ ᠪᠦᠰᠡᠭᠦᠢ ᠬᠡᠷᠬᠢᠨ ᠲᠠᠪᠬᠢᠵᠤ ᠪᠠᠢᠭ᠍ᠰᠠᠨ ᠢ ᠰᠡᠷᠭᠦᠭᠡᠨ ᠰᠠᠨᠠᠬᠤ
ᠠᠶᠠᠳᠠᠢ ᠴᠠᠴᠠᠷ ᠤᠨ ᠬᠠᠶᠠᠭ᠎ᠠ ᠶᠢ ᠰᠢᠷᠳᠡᠨ ᠪᠣᠳᠣᠯᠭᠠᠰᠢᠷᠠᠪᠠ᠃
- ᠲᠡᠭᠡᠭᠡᠳ ᠲᠠ ᠬᠤᠷᠸᠽᠠᠮ ᠱᠠᠭ ᠲᠤ ᠶᠠᠭᠤ ᠬᠡᠵᠤ ᠬᠡᠯᠡᠵᠤ ᠮᠤᠯᠳᠤᠷᠠᠪᠠ? ᠭᠡᠵᠤ ᠰᠦᠪᠡᠭᠡᠳᠡᠢ ᠰᠣᠨᠢᠷᠬᠠᠯ᠎ᠠ᠃
- ᠮᠡᠨᠳᠦ ᠮᠤᠯᠳᠤᠷᠠᠬᠤ ᠬᠠᠷᠢᠭᠤᠯᠳᠠ ᠣᠯᠬᠤ ᠪᠠᠢᠭ᠍ᠰᠠᠨ ᠪᠣᠯ ᠪᠢ ᠡᠳᠤᠢ ᠳᠤ ᠡᠨᠳᠡ ᠪᠡᠢᠬᠤ ᠦᠭᠡᠢ
ᠵᠧ ᠭᠡᠵᠤ ᠨᠠᠰᠢᠷ ᠡᠷ᠎ᠡ ᠪᠠᠭᠠᠳᠣᠷ ᠤᠨ ᠶᠣᠰᠣᠭᠠᠷ
ᠭᠤᠳᠢᠭ ᠦᠭᠡᠢ ᠬᠠᠷᠢᠭᠤᠯᠤᠭᠠᠳ᠄ ᠲᠥᠴᠢᠨ ᠨᠠᠰᠤ ᠬᠦᠷᠦᠭᠰᠡᠨ ᠡᠴᠡ ᠪᠠᠨ ᠬᠣᠢᠰᠢ ᠪᠢ ᠠᠵᠠ ᠪᠡᠨ
ᠲᠤᠷᠰᠢᠬᠤ ᠡᠴᠡ ᠢᠮᠠᠭᠳᠠ ᠡᠮᠢᠶᠡᠳᠡᠭ ᠪᠣᠯᠵᠠᠢ᠃ ᠬᠦᠴᠦᠯᠦᠭ ᠤᠨ ᠵᠠᠭᠤᠳᠤ ᠪᠤᠴᠠᠵᠤ ᠤᠳᠬᠤ ᠳᠤ ᠪᠢ ᠴᠡᠷᠢᠭ ᠤᠳ ᠢᠶᠠᠨ ᠪᠥᠭᠬᠦᠭᠡᠨ ᠡᠴᠡ ᠨᠢ ᠭᠠᠷᠭᠠᠵᠤ᠂
ᠲᠠᠭᠠᠭᠠᠮᠠᠯ ᠳ᠋ᠤᠨᠢ ᠵᠠᠬᠢᠷᠤᠭᠤᠯᠤᠨ ᠶᠠᠪᠤᠭᠤᠯᠴᠢᠬᠠᠭᠠᠳ ᠥᠪᠡᠷ ᠢᠶᠡᠨ ᠮᠥᠷᠭᠥᠯᠴᠢᠨ ᠦ ᠬᠤᠪᠴᠠᠰᠤ ᠡᠮᠤᠰᠴᠤ
ᠠᠯᠢᠮᠠᠷ ᠤᠨ ᠵᠦᠭ ᠬᠡᠷᠤᠨ ᠤᠳᠤᠭᠰᠠᠨ᠃ ᠲᠡᠭᠦᠨ ᠡᠴᠡ
ᠨᠠᠭᠠᠰᠢᠬᠢ ᠶᠢ ᠲᠠ ᠰᠡᠢᠨ ᠮᠠᠳᠡᠭᠦ ᠪᠢᠯᠡ᠃ᠰᠦᠪᠡᠭᠡᠳᠡᠢ ᠰᠢᠷᠢ ᠳᠠᠶ᠋ᠢᠴᠢᠨ ᠪ ᠭᠤᠨᠢᠬ ᠥᠬᠡᠢ ᠬᠦᠷᠡᠩ ᠴᠢᠷᠡᠢ ᠶ᠋ᠢ ᠡᠯᠢᠭᠡᠰᠡᠭ ᠶ᠋ᠢᠡᠷ ᠰᠢᠷᠲᠡᠵᠦ ᠂
- ᠢᠯᠲᠤ ᠠᠭᠰᠠᠬᠤ ᠵᠠᠶᠠᠬ᠋᠎ᠠ ᠲᠠᠢ ᠲᠥᠷᠥᠭᠰᠡᠨ ᠪᠢᠲᠡ
ᠮᠡᠲᠦ ᠶ᠋ᠢᠨ ᠬᠤᠪᠢ ᠳᠤ ᠡᠶ᠋ᠢᠮᠦᠷᠬᠦ ᠶᠠᠪᠤᠲᠠᠯ ᠡᠲᠦᠷ ᠰᠥᠨᠢ ᠡᠭᠡᠯᠵᠢᠯᠡᠳᠡᠭ ᠰᠢᠭ᠌ ᠶᠡᠷᠤᠲᠡ ᠶ᠋ᠢᠨ ᠬᠡᠷᠡᠭ ᠃ ᠲᠠ ᠡᠭᠥᠨ ᠊ᠢ ᠨᠠᠲᠠ ᠠ᠋ᠴᠠ ᠢᠯᠡᠭᠦᠦ ᠮᠡᠲᠡᠬᠦ ᠪᠤᠯᠬᠤ ᠪᠠᠷ ᠪᠢ ᠥᠭᠡᠷ᠎ᠡ ᠶᠭᠤ ᠬᠡᠯᠡᠬᠦ ᠰᠠᠨ ᠪᠢᠯᠡ ᠃ ᠥᠷᠯᠥᠭᠡᠨ
ᠪ ᠤᠮᠲᠠ ᠪᠠᠷᠢᠬᠤ ᠪᠣᠯᠴᠢᠬᠠᠵᠡᠢ᠂ ᠲᠠ ᠶᠣᠰᠣ ᠪᠠᠨ ᠶᠤᠰᠤᠯᠠᠬᠲᠤᠨ
᠃ ᠪᠢ ᠨᠢᠭᠤᠷ ᠭᠠᠷ ᠶ᠋ᠢᠠᠨ ᠤᠬᠢᠶᠠᠰᠤᠭᠠᠢ ᠭᠡᠳ ᠭᠠᠷᠤᠯ᠎ᠠ ᠃
ᠪᠠᠭᠤᠷᠢᠴᠢ ᠨᠠᠷ ᠪᠠᠭᠠᠲᠤᠷ ᠦ᠋ᠨ ᠴᠠᠴᠠᠷ ᠲᠤ ᠢᠲᠡᠭᠡ ᠵᠠᠰᠠᠬᠤ
ᠵᠠᠭᠤᠷ᠎ᠠ ᠨᠠᠰᠢᠷ ᠥᠷᠯᠥᠭᠡᠨ ᠪ ᠮᠥᠷᠭᠥᠯ ᠶ᠋ᠢᠡᠨ ᠲᠣᠩ ᠬᠢᠴᠢᠶᠡᠩᠭᠦᠶ᠋ᠢᠯᠡᠨ ᠦᠢᠯᠡᠤᠠᠴᠡᠢ ᠃
ᠵᠣᠭᠣᠭ ᠦ᠋ᠨ ᠲᠠᠷᠠᠬ᠋᠎ᠠ ᠰᠥᠪᠡᠭᠡᠲᠡᠢ ᠂ ᠨᠠᠰᠢᠷ ᠲᠤ ᠬᠠᠨᠲᠤᠵᠤ
᠄
- ᠡᠷᠬᠢᠮ ᠪᠠᠭᠠᠲᠤᠷ ᠲᠠ ᠶᠡᠬᠡ ᠦᠢᠯᠡ ᠶ᠋ᠢᠨ ᠲᠥᠯᠥᠭᠡ ᠴᠢᠩ ᠰᠡᠤᠠᠬᠢᠯ
ᠡᠴᠡ ᠪᠡᠨ ᠰᠠᠨᠠᠬ᠋᠎ᠠ ᠲᠠᠯᠪᠢᠬᠰᠠᠨ ᠊ᠢ ᠪᠢ ᠰᠠᠶ᠋ᠢᠲᠤᠷ ᠦᠢᠯᠠᠭᠠᠪᠠ ᠃ ᠭᠡᠪᠡᠴᠦ ᠲᠠᠨ ᠪ ᠲᠥᠯᠥᠪᠯᠡᠭᠡ ᠶ᠋ᠢ
ᠪᠡᠶᠡᠯᠡᠭᠦᠯᠬᠦ ᠳᠤ ᠬᠠᠷᠰᠢᠯᠠᠬᠤ ᠤᠴᠢᠷ ᠰᠢᠯᠲᠠᠭᠠᠨ ᠬᠡᠲᠦ ᠬᠡᠲᠦ ᠪᠠᠶ᠋ᠢᠨ᠎ᠠ ᠳ᠋ᠠ ᠭᠡᠳ ᠥᠭᠡ ᠪᠠᠨ ᠲᠠᠰᠤᠯᠤᠨ
ᠰᠠᠭᠠᠲᠠᠭᠠᠬᠤ ᠳᠤ ᠰᠠᠶᠢ ᠶ᠋ᠢᠨ ᠤᠷᠲᠤ ᠶᠠᠷᠢᠶᠠᠨ ᠪ ᠲᠤᠷᠰᠢ ᠰᠥᠪᠡᠭᠡᠲᠡᠢ ᠶ᠋ᠢ ᠠᠵᠢᠬᠯᠠ ᠪᠠᠶ᠋ᠢᠬᠰᠠᠨ ᠨᠠᠰᠢᠷ
ᠡᠶ᠋ᠢᠮᠦᠷᠬᠦ ᠬᠠᠷᠢᠭᠤᠯᠲᠠ ᠢᠷᠡᠬᠦ ᠶ᠋ᠢ ᠪᠠᠭᠴᠠᠭᠠᠯᠠᠭᠰᠠᠨ ᠪᠤᠯᠬᠤ ᠪᠠᠷ ᠰᠡᠤᠠᠬᠢᠯ ᠲᠡᠲᠦᠢ ᠯᠡ ᠬᠢᠮᠤᠷᠠᠭᠰᠠᠨ ᠥᠬᠡᠢ ᠃ ᠰᠥᠪᠡᠭᠡᠲᠡᠢ ᠰᠢᠷᠪᠤᠰᠤᠯᠢᠭ᠋ ᠤᠷᠲᠤ ᠬᠤᠷᠤᠭᠤ
ᠪᠠᠷ ᠶ᠋ᠢᠠᠨ ᠵᠢᠭᠢᠲᠡ ᠪᠠᠨ ᠵᠠᠩᠭᠠᠵᠤ ᠂ ᠦᠷᠭᠦᠯᠵᠢᠯᠡᠨ ᠬᠡᠯᠡᠭᠰᠡᠨ ᠨᠢ ᠄
- ᠮᠡᠷᠭᠢᠳ ᠪᠤᠯ ᠤᠲᠤᠵᠤ ᠂ ᠪᠥᠬᠥᠬᠦ ᠂ ᠳᠠᠩᠨᠠᠬᠤ ᠵᠠᠩᠰᠢᠯᠠᠬᠤ
ᠳ᠋ᠠᠭᠠᠨ ᠤᠭᠰᠠᠬ᠋ᠠ ᠨᠢᠭᠡᠲᠡᠢ ᠪᠤᠰᠤᠳ ᠤᠯᠤᠰ ᠠᠶ᠋ᠢᠮᠠᠭ ᠦ᠋ᠳ ᠠ᠋ᠴᠠ ᠳᠠᠪᠠᠨ᠎ᠠ ᠤᠤ ᠭᠡᠬᠥ ᠡᠴᠡ ᠳᠤᠲᠠᠬᠤ
ᠥᠭᠡᠢ ᠃ ᠣᠲᠣ ᠲᠡᠲᠡᠨ ᠪ ᠰᠢᠪᠡᠭᠡᠯᠡᠭᠰᠡᠨ ᠬᠤᠲᠠ ᠤᠷᠤᠭᠤ ᠬᠠᠭᠠᠰ ᠠᠩᠬᠢ ᠴᠡᠷᠢᠭ ᠪᠠᠶ᠋ᠢᠲᠤᠭᠠᠢ ᠂ ᠪᠦᠲᠦᠭᠦᠬᠡᠨ
ᠰᠢᠮᠠᠭᠤᠯ ᠴᠤ᠌ ᠨᠢᠭᠤᠴᠠ ᠪᠠᠷ ᠣᠶ᠋ᠢᠷᠠᠤᠠᠴᠤ ᠴᠢᠲᠠᠬᠤ ᠦᠭᠡᠢ ᠃ ᠬᠡᠲᠦᠢ ᠪᠡᠷ ᠮᠠᠨ ᠪ ᠠᠶᠠᠨ ᠪ ᠬᠠᠷᠠᠭᠤᠯ ᠬᠤᠤᠰ
ᠥᠬᠡᠢ ᠰᠡᠷᠭᠡᠭ ᠪᠤᠯᠪᠠᠴᠤ ᠡᠨᠡ ᠬᠢᠷᠢ ᠬᠦᠷᠢᠶᠡᠨ ᠳᠤ ᠮᠡᠷᠭᠢᠳ ᠦ᠋ᠨ ᠨᠢᠲᠦ ᠴᠢᠬᠢ ᠣᠷᠣᠭᠠᠳ ᠢᠷᠡᠭᠰᠡᠨ ᠪᠠᠶ᠋ᠢᠬᠤ ᠳᠤ ᠪᠢ ᠯᠠᠪ ᠭᠠᠶ᠋ᠢᠬᠠᠬᠤ ᠥᠬᠡᠢ ᠃ ᠬᠠᠮᠤᠭ ᠦ᠋ᠨ ᠬᠡᠴᠡᠭᠦᠦ ᠨᠢ ᠲᠡᠲᠡ ᠣᠲᠣ ᠨᠢᠭᠡᠨᠲᠡ ᠪᠢᠲᠡᠨ ᠲᠡᠢ ᠲᠠᠰᠤᠯᠤᠨ ᠪᠠᠶ᠋ᠢᠯᠲᠤᠬᠤ ᠬᠦᠰᠡᠯ ᠥᠬᠡᠢ ᠪᠠᠶ᠋ᠢᠬ᠋᠎ᠠ
ᠶᠠᠪᠤᠲᠠᠯ ᠮᠥᠨ ᠃ ᠬᠦᠴᠦᠯᠦᠭ ᠲᠡᠲᠡᠨ ᠳᠤ ᠲᠤᠰᠠᠯᠠᠬᠤ ᠪᠣᠯᠤᠮᠵᠢ ᠦᠭᠡᠢ ᠪᠠᠶ᠋ᠢᠬ᠋᠎ᠠ ᠤᠴᠢᠷ ᠠ᠋ᠴᠠ ᠲᠡᠲᠡ ᠪᠢᠲᠠᠨ ᠊ᠢ ᠳᠠᠬᠢᠭᠠᠳ ᠬᠣᠷᠢᠨ ᠪᠠᠷ᠎ᠠ ᠳᠦᠬᠥᠪᠡᠯ ᠰᠢᠭᠤᠳ ᠰᠠᠷᠨᠢᠨ
ᠳᠤᠲᠠᠭᠠᠬᠤ ᠪᠣᠯᠤᠨ᠎ᠠ ᠃ ᠴᠢᠩᠬᠢᠪᠡᠰᠤ ᠲᠡᠲᠡ ᠳᠠᠬᠢᠨ ᠨᠢᠭᠡ ᠭᠠᠵᠠᠷ ᠣᠤᠠᠴᠤ ᠠᠶᠤᠯ ᠦ᠋ᠨ ᠬᠦᠷᠢᠶ᠎ᠡ ᠶ᠋ᠢ ᠤᠯᠠᠮ ᠨᠡᠮᠡᠭᠳᠡᠭᠦᠯᠦᠨ᠎ᠡ ᠃ ᠬᠤᠷᠸᠽᠠᠮ ᠱᠠᠭ ᠲᠤ ᠣᠴᠢᠬᠤ ᠤᠤ ᠂ ᠪᠦᠷ ᠬᠢᠪᠴᠠᠭ ᠦ᠋ᠨ ᠬᠡᠭᠡᠷ᠎ᠡ ᠬᠥᠲᠡᠭᠡ ᠲᠠᠯ᠎ᠠ
ᠦᠭᠡᠲᠡ ᠴᠤᠶ᠋ᠢᠯᠵᠠᠬᠤ ᠪᠣᠯᠪᠠ ᠤᠤ ᠃ ᠡᠭᠥᠨ ᠊ᠢ ᠳᠠᠭᠠᠬᠤ ᠳᠤ ᠪᠡᠷᠬᠡ ᠶᠤᠮ ᠃
- ᠲᠡᠭᠡᠪᠡᠯ ᠪᠢᠳᠠ ᠤᠷᠤᠭᠰᠢᠯᠠᠬᠤ ᠴᠤ᠌᠂ ᠤᠬᠤᠷᠢᠬᠤ ᠴᠤ᠌ ᠠᠷᠭ᠎ᠠ ᠦᠭᠡᠢ ᠪᠣᠯᠴᠢᠬᠠᠭᠰᠠᠨ ᠪᠢᠰᠢ ᠤᠤ ᠭᠡᠵᠦ ᠨᠠᠰᠢᠷ ᠬᠡᠯᠡᠴᠢᠭᠡᠭᠡᠳ ᠲᠦᠷᠭᠡᠳᠡᠭᠰᠡᠨ ᠢᠶᠡᠨ ᠣᠢᠯᠭᠠᠨ ᠳᠠᠭᠤ ᠪᠠᠨ ᠬᠤᠷᠢᠶᠠᠪᠠ᠃ ᠰᠦᠪᠡᠭᠡᠳᠡᠢ ᠡᠨᠡ ᠥᠭᠡᠨ ᠳ᠋ᠦ᠍ ᠡᠭᠳᠡᠭᠦᠴᠡᠭᠰᠡᠨ ᠦᠭᠡᠢ
ᠢᠨᠢᠶᠡᠪᠬᠢᠯᠡᠨ ᠰᠠᠭᠤᠭᠰᠠᠨ ᠢᠶ᠋ᠠᠨ ᠄
- ᠲᠠ ᠡᠨᠡ
ᠭᠠᠵᠠᠷ ᠨᠡᠯᠢᠶᠡᠳ ᠰᠠᠭᠤᠭᠰᠠᠨ ᠬᠥᠮᠦᠨ ᠃ ᠳᠠᠷᠠᠰᠤᠨ ᠤ
ᠭᠢᠨᠢ ᠰᠠᠶ᠋ᠢᠨ ᠮᠠᠭᠤ ᠶ᠋ᠢ ᠮᠡᠳᠡᠬᠦ ᠪᠣᠢ ᠵᠧ ᠭᠡᠪᠡᠯ ᠨᠠᠰᠢᠷ ᠄
- ᠱᠠᠭ ᠤᠨ ᠣᠷᠳᠣᠨ ᠳᠤ ᠲᠠᠳᠠᠪᠥᠷᠢᠯᠠᠵᠤ ᠠᠪᠳᠠᠭ ᠪᠦᠬᠦᠢ ᠯᠡ ᠲᠠᠷᠠᠰᠤ
ᠶ᠋ᠢ ᠨᠢ ᠠᠮᠰᠠᠭᠰᠠᠨ ᠪᠠᠶ᠋ᠢᠭ᠎ᠠ ᠡ ᠭᠡᠵᠤ ᠲᠠᠷᠤᠤᠬᠠᠨ
ᠢᠶ᠋ᠠᠷ ᠬᠠᠷᠢᠭᠤᠯᠤᠯ᠎ᠠ ᠃
- ᠲᠣᠩ ᠰᠠᠶ᠋ᠢᠨ
ᠭᠡᠵᠤ ᠰᠦᠪᠡᠭᠡᠳᠡᠢ ᠰᠡᠳᠬᠢᠯ ᠬᠠᠩᠬᠤᠯᠤᠭᠤᠨ ᠢᠶ᠋ᠠᠷ ᠳᠤᠤᠭᠠᠷᠤᠭᠠᠳ
- ᠲᠠᠨ ᠳᠤ ᠣᠳᠣ ᠪᠡᠶ᠎ᠡ ᠬᠠᠮᠠᠭᠠᠯᠠᠬᠤ ᠪᠠᠭ ᠴᠡᠷᠢᠭ ᠥᠭᠭᠦᠨ᠎ᠡ ᠃ ᠣᠶ᠋ᠢᠷ᠎ᠠ ᠣᠷᠴᠢᠮ ᠤᠨ ᠠᠢᠯ ᠭᠠᠴᠠᠭ᠎ᠠ ᠪᠠᠷ ᠶᠠᠪᠤᠵᠤ ᠨᠠᠳᠠ ᠳᠤ ᠨᠢᠭᠡ ᠲᠡᠷᠭᠡ
ᠰᠠᠶ᠋ᠢᠨ ᠲᠠᠷᠠᠰᠤ ᠠᠪᠴᠤ ᠢᠷ᠎ᠡ ᠃ ᠵᠢᠩ ᠦᠳᠡ ᠬᠡᠪᠡᠶ᠋ᠢᠬᠦ ᠡᠴᠡ ᠡᠮᠦᠨ᠎ᠡ ᠠᠮᠵᠢᠭᠤᠯᠤᠭᠳᠤᠨ ᠭᠡᠵᠤ ᠲᠤᠰᠢᠶᠠᠯ᠎ᠠ
᠃ ᠮᠣᠩᠭᠣᠯᠴᠤᠳ ᠤᠨ ᠳᠤᠮᠳᠠ ᠣᠷᠣᠭᠰᠠᠨ ᠠ᠋ᠴᠠ ᠬᠣᠶ᠋ᠢᠰᠢ
ᠲᠡᠳᠡ ᠠᠷᠢᠬᠢ ᠶ᠋ᠢ ᠶᠠᠮᠠᠷ ᠰᠢᠤᠬᠠᠨ ᠵᠢᠷᠤᠮᠲᠠᠢ ᠬᠡᠷᠡᠭᠯᠡᠳᠡᠭ ᠢ ᠮᠡᠳᠡᠬᠦ ᠪᠣᠯᠤᠭᠰᠠᠨ ᠨᠠᠰᠢᠷ ᠡᠵᠡᠨ ᠦ ᠪᠡᠨ ᠡᠨᠡ ᠲᠤᠰᠢᠶᠠᠯ ᠳᠤ ᠭᠠᠶ᠋ᠢᠬᠠᠬᠤ ᠶ᠋ᠢᠨ ᠳᠡᠭᠡᠳᠦ
ᠪᠡᠷ ᠭᠠᠶ᠋ᠢᠬᠠᠵᠠᠢ ᠃ ᠭᠡᠪᠡᠴᠦ ᠥᠴᠦᠬᠡᠨ ᠬᠡᠯᠡᠮᠦᠷᠴᠢ ᠪᠡᠷ ᠰᠠᠶᠢᠬᠠᠨ ᠡᠵᠡᠨ ᠵᠠᠩᠵᠤᠨ ᠳ᠋ᠠᠭᠠᠨ ᠪᠠᠶ᠋ᠢᠯᠳᠤᠬᠤ
ᠠᠷᠭ᠎ᠠ ᠶ᠋ᠢ ᠨᠢ ᠵᠢᠭᠠᠬᠤ ᠪᠥᠳᠥᠭᠥᠨ ᠰᠠᠨᠠᠭ᠎ᠠ ᠲᠥᠷᠥᠭᠰᠡᠨ᠂ ᠬᠠᠷᠢᠨ ᠣᠳᠣ ᠲᠤᠰᠢᠶᠠᠯ ᠤᠨ ᠬᠢ ᠨᠢ ᠤᠴᠢᠷ ᠢ ᠯᠠᠪᠯᠠᠬᠤ ᠭᠡᠳᠡᠭ ᠠᠷᠠᠢ ᠴᠤ᠌ ᠳᠡᠩᠳᠡᠭᠰᠡᠨ ᠬᠡᠷᠡᠭ ᠪᠣᠯᠬᠤ ᠨᠢ ᠮᠠᠭᠠᠳ ᠲᠤᠯᠠ ᠲᠠᠷᠤᠢ ᠪᠣᠰᠴᠤ ᠶᠣᠰᠣᠯᠠᠨ ᠭᠠᠷᠤᠭᠠᠳ ᠬᠥᠰᠬᠡ
ᠶ᠋ᠢᠨ ᠲᠠᠭᠠᠮᠠᠯᠠᠯ ᠠ᠋ᠴᠠ ᠲᠠᠷᠠᠰᠤᠨ ᠤ ᠮᠥᠩᠭᠦ ᠶ᠋ᠢ
ᠠᠪᠬᠤ ᠠ᠋ᠴᠠ ᠥᠭᠡᠷ᠎ᠡ ᠵᠠᠮ ᠪᠠᠶ᠋ᠢᠭᠰᠠᠨ ᠦᠭᠡᠢ ᠡ
᠃
ᠦᠰᠦᠭ ᠠᠮᠢᠯᠠᠭᠤᠯᠤᠭᠰᠠᠨ ᠨᠢ᠄ 《 ᠬᠡᠯᠡ ᠪᠢᠴᠢᠭ 》 ᠬᠣᠯᠪᠤᠭ᠎ᠠ