ᠴᠠᠭ ᠥᠭᠡᠷ᠎ᠡ ᠪᠣᠯᠴᠢᠬᠠᠵᠤ – ᠭ ᠂ ᠴᠢᠩᠪᠠᠭᠠᠲᠤᠷ Цаг өөр болчхож  –   Г᠂ Чинбаатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭ ᠥᠭᠡᠷ᠎ᠡ ᠪᠣᠯᠴᠢᠬᠠᠵᠤ – ᠭ ᠂ ᠴᠢᠩᠪᠠᠭᠠᠲᠤᠷ Цаг өөр болчхож  –   Г᠂ Чинбаатар

ᠴᠠᠭ ᠥᠭᠡᠷ᠎ᠡ ᠪᠣᠯᠴᠢᠬᠠᠵᠤ – ᠭ ᠂ ᠴᠢᠩᠪᠠᠭᠠᠲᠤᠷ Цаг өөр болчхож  –   Г᠂ Чинбаатар

2023-03-06

286

ᠴᠠᠭ ᠥᠭᠡᠷ᠎ᠡ ᠪᠣᠯᠴᠢᠬᠠᠵᠤ


             ᠭ ᠂ ᠴᠢᠩᠪᠠᠭᠠᠲᠤᠷ

 ᠴᠠᠭ ᠥᠭᠡᠷ᠎ᠡ  ᠪᠣᠯᠴᠢᠬᠠᠵᠤ
 ᠴᠢᠮ᠎ᠠ ᠎ᠳ᠋ᠤ᠌ ᠶᠠᠷᠢᠳᠠᠭ ᠦᠯᠢᠭᠡᠷ  ᠪᠦᠷ ᠵᠡᠭᠦᠳᠦ ᠵᠦᠩ ᠦ᠋ᠨ ᠬᠢ ᠪᠣᠯᠴᠢᠬᠠᠵᠤ ‍
 ᠠᠶ᠋ᠢᠯ ᠭᠡᠷ ᠪᠣᠯᠵᠤ ᠨᠠᠭᠠᠳᠬᠤ ᠪᠠᠨ ᠬᠡᠦᠬᠡᠳ ᠦ᠋ᠳ ᠪᠦᠷ  ᠮᠠᠷᠲᠠᠴᠢᠬᠠᠵᠤ
 ᠠᠷᠭᠠᠯ ᠦ᠋ᠨ ᠨᠥᠮᠥᠷᠢ ᠎ᠳ᠋ᠦ᠍ ᠰᠢᠪᠡᠭᠡ ᠪᠠᠷᠢᠯᠳᠤᠭᠤᠯᠵᠤ ᠥᠰᠳᠡᠭ ᠶ᠋ᠢᠡᠨ ᠪᠠᠶ᠋ᠢᠴᠢᠬᠠᠵᠤ
 ᠠᠷᠤᠭ ᠲᠤᠯᠬ᠋᠎ᠠ ᠬᠣᠶᠠᠷ ᠬᠡᠷᠡᠭ ᠡᠴᠡ ᠪᠡᠨ ᠭᠠᠷᠴᠤ
 ᠠᠳᠤᠭᠤᠳ ᠪᠦᠷ ᠵᠢᠷᠤᠭ ᠦ᠋ᠨ ᠬᠢ ᠂  ᠰᠢᠯᠦᠭ ᠦ᠋ᠨ ᠬᠢ ᠂ ᠲᠡᠦᠬᠡ ᠶ᠋ᠢᠨ ᠬᠢ ᠪᠣᠯᠴᠢᠬᠠᠵᠤ
 ᠠᠶ᠎ᠠ ᠴᠠᠭ ᠥᠭᠡᠷ᠎ᠡ  ᠪᠣᠯᠴᠢᠬᠠᠵᠤ
 ᠬᠠᠮᠬᠤᠤᠯ ᠬᠡᠶ᠋ᠢᠰᠬᠦ ᠮᠡᠲᠦ ᠣᠨ ᠵᠢᠯ ᠥᠩᠭᠡᠷᠡᠴᠢᠬᠡᠵᠦ
 ᠬᠠᠮᠢᠬ᠋᠎ᠠ ᠨᠢᠭᠡᠲᠡᠭᠡ ᠡᠴᠡ ᠡᠯᠡᠰᠦᠨ ᠪ ᠨᠡᠭᠦᠳᠡᠯ ᠲᠠᠯ᠎ᠠ ᠪᠠᠨ ᠬᠠᠷᠠᠮᠨᠠᠨ ᠬᠤᠴᠢᠴᠢᠬᠠᠵᠤ
 ᠭᠡᠰᠡᠨᠡᠭ ᠲᠡᠢ ᠰᠤᠮᠤ ᠮᠢᠨᠢ ᠴᠢᠲᠥᠷ ᠲᠡᠢ ᠮᠣᠷᠢ ᠰᠢᠭ᠋ ᠨᠣᠮᠤᠬᠠᠷᠠᠴᠢᠬᠠᠵᠤ
 ᠬᠡᠯᠡᠭᠡ ᠦᠭᠡᠢ ᠦᠭᠡ  ᠂ ᠳᠡᠯᠪᠡᠷᠡᠭᠡ ᠦᠭᠡᠢ ᠠᠭᠤᠷ ᠣᠮᠣᠷᠬᠠᠭ ᠵᠢᠷᠦᠬᠡ ᠶ᠋ᠢ ᠮᠢᠨᠢ ᠲᠦᠯᠡᠴᠢᠬᠡᠵᠦ
 ᠮᠥᠭᠥ ᠲᠡᠭᠦᠳᠡᠭ ᠳᠥᠭᠥᠮ ᠮᠢᠨᠢ ᠳᠣᠮᠣᠭ ᠦ᠋ᠨ ᠶᠤᠮ ᠰᠢᠭ᠋ ᠡᠯᠡᠷ ᠪᠠᠯᠠᠷ ᠪᠣᠯᠴᠢᠬᠠᠵᠤ
 ᠮᠥᠷᠥᠭᠡᠲᠦᠯ ᠎ᠳ᠋ᠦ᠍ ᠮᠢᠨᠢ ᠨᠤᠲᠤᠭ ᠦ᠋ᠨ ᠲᠤᠬᠠᠢ ᠳᠤᠷᠠᠳᠬᠠᠯ ᠯᠡ ᠳᠠᠭᠤᠤ ᠶ᠋ᠢᠨ ᠠᠶᠠᠯᠭᠤ ᠰᠢᠭ᠋ ᠤᠷᠭᠤᠨ᠎ᠠ ᠁
 ᠬᠠᠭᠤᠴᠢ ᠶᠠᠷᠢᠳᠠᠭ ᠰᠠᠶ᠋ᠢᠬᠠᠨ ᠰᠠᠶ᠋ᠢᠬᠠᠨ ᠪᠤᠭᠤᠷᠤᠯ ᠦ᠋ᠳ ᠣᠳᠣ ᠪᠣᠯᠴᠢᠬᠠᠵᠤ
 ᠬᠤᠷᠢᠮ ᠲᠥᠷᠥ ᠶ᠋ᠢᠨ ᠤᠷᠲᠤ ᠶ᠋ᠢᠨ ᠳᠠᠭᠤᠤ ᠳᠣᠯᠣᠭᠠᠨ ᠨᠣᠲ ᠠ᠋ᠴᠠ ᠠᠷᠢᠯᠴᠢᠬᠠᠵᠤ
 ᠭᠠᠯ ᠶ᠋ᠢᠠᠨ ᠲᠠᠬᠢᠬᠤ ᠪᠠᠨ ᠣᠭᠣᠷᠴᠢᠬᠠᠵᠤ
 ᠭᠠᠳᠠᠨ᠎ᠠ ᠳᠠᠯᠠᠩ ᠲᠠᠢ ᠠᠷᠭᠠᠯ ᠳᠡᠭᠡᠷ᠎ᠡ ᠪᠥᠪᠡᠭᠡᠯᠵᠢ ᠳᠤᠤᠭᠠᠷᠬᠤ ᠪᠠᠨ ᠴᠤ᠌  ᠪᠠᠶ᠋ᠢᠴᠢᠬᠠᠵᠤ
 ᠰᠠᠭᠠᠬᠠᠯᠲᠠ ᠶ᠋ᠢᠨ ᠮᠠᠯ ᠶ᠋ᠢᠠᠨ ᠪᠡᠯᠴᠢᠭᠡᠷ ᠡᠴᠡ ᠪᠡᠨ ᠡᠯᠳᠡᠳᠡᠭ ᠪᠣᠯᠵᠤ

 ᠲᠣᠭᠣᠨᠣ ᠪᠠᠷ ᠥᠩᠭᠡᠶ᠋ᠢᠭᠰᠡᠨ ᠨᠠᠷᠠ
 ᠲᠣᠭᠣᠷᠢᠭᠤᠯ ᠰᠢᠷᠢᠳᠡᠭ ᠳᠡᠭᠡᠭᠦᠷ ᠬᠣᠶ᠋ᠢᠮᠣᠷ ᠲᠡᠮᠲᠡᠷᠢᠨ ᠠᠶᠠᠯᠠᠬᠤ ᠪᠠᠨ ᠪᠠᠶ᠋ᠢᠴᠢᠬᠠᠵᠤ
 ᠴᠠᠢ ᠪᠠᠨ ᠤᠤᠭᠤᠬᠤ ᠎ᠳ᠋ᠤ᠌ ᠪᠠᠨ ᠠᠪᠤ ᠮᠢᠨᠢ ᠰᠠᠨᠠᠭ᠎ᠠ ᠠᠯᠳᠠᠳᠠᠭ ᠪᠣᠯᠵᠤ
 ᠴᠢᠯᠥᠭᠡ ᠯᠡ ᠭᠠᠷᠪᠠᠯ ᠣᠪᠣᠭ᠎ᠠ ᠱᠠᠩᠰᠢ ᠪᠠᠨ ᠲᠣᠭᠣᠷᠢᠨ ᠠᠯᠬᠤᠳᠠᠭ ᠪᠣᠯᠵᠤ
 ᠪᠤᠷᠭᠠᠰᠤᠨ ᠮᠣᠷᠢ ᠲᠠᠢ ᠬᠡᠦᠬᠡᠳ ᠨᠠᠰᠤ ᠮᠢᠨᠢ ᠳᠡᠩᠳᠡᠭᠦᠦ ᠡᠷᠢᠭᠳᠡᠳᠡᠭ ᠪᠣᠯᠵᠤ
 ᠪᠤᠩᠬᠤᠨ ᠡᠩᠭᠡᠷ ᠦ᠋ᠨ ᠮᠢᠨᠢ ᠪᠣᠲᠠᠨ ᠪ ᠬᠦᠷᠪᠡᠯ ᠦᠶ᠎ᠡ ᠶ᠋ᠢᠨ ᠪᠠᠭᠠᠴᠤᠤᠯ ᠰᠢᠭ᠋ ᠰᠠᠨᠠᠭᠳᠠᠳᠠᠭ ᠪᠣᠯᠵᠤ
 ᠬᠣᠯᠠ ᠶ᠋ᠢᠨ ᠪᠠᠷ᠎ᠠ ᠬᠠᠷᠠᠬᠤ ᠪᠠᠷ ᠡᠪᠦᠯᠵᠢᠶᠡᠨ ᠪ ᠮᠢᠨᠢ ᠪᠣᠷᠣ ᠭᠡᠷ ᠦᠭᠡᠢᠯᠡᠭᠳᠡᠳᠡᠭ ᠪᠣᠯᠵᠤ
 ᠬᠣᠵᠢᠮ ᠦ᠋ᠨ ᠲᠤᠬᠠᠢ ᠪᠣᠳᠣᠬᠤ ᠠ᠋ᠴᠠ ᠪᠠᠨ ᠬᠠᠷ᠎ᠠ ᠳᠠᠷᠤᠲᠠᠯ᠎ᠠ ᠠᠶᠤᠳᠠᠭ ᠪᠣᠯᠵᠤ
 ᠬᠤᠭᠤᠷ ᠦ᠋ᠨ ᠬᠣᠶᠠᠷ ᠤᠲᠠᠰᠤ ᠳᠤᠷᠠᠳᠬᠠᠯ ᠳ᠋ᠠᠭᠠᠨ ᠪᠦᠳᠦᠴᠢᠨ ᠲᠠᠰᠤᠷᠠᠳᠠᠭ ᠪᠣᠯᠵᠤ
 ᠨᠠᠭᠤᠷ ᠦ᠋ᠨ ᠬᠣᠶᠠᠷ ᠠᠩᠭᠢᠷ ᠬᠠᠭᠠᠴᠠᠯ ᠳ᠋ᠠᠭᠠᠨ ᠭᠤᠨᠢᠨ ᠤᠬᠢᠯᠠᠳᠠᠭ ᠪᠣᠯᠵᠤ
 ᠬᠠᠨ᠎ᠠ ᠶ᠋ᠢᠨ ᠦᠲᠡᠭᠡᠷᠢ ᠬᠤᠷᠢᠶᠠᠯᠬ᠋᠎ᠠ ᠳᠣᠲᠣᠷ᠎ᠠ ᠪᠠᠨ ᠲᠠᠰᠤᠷᠠᠳᠠᠭ ᠪᠣᠯᠵᠤ
 ᠬᠠᠶ᠋ᠢᠴᠢᠨ ᠪ ᠠᠮᠠ ᠡᠷᠭᠢᠨᠡᠭ ᠳᠣᠣᠭᠤᠷ ᠠᠩᠭᠠᠶ᠋ᠢᠳᠠᠭ ᠴᠤ᠌ ᠪᠣᠯᠵᠤ
 ᠴᠠᠭᠠᠨ ᠢᠰᠡᠭᠡᠢ ᠭᠤᠲᠤᠯ ᠦ᠋ᠨ ᠤᠯᠠ ᠎ᠳ᠋ᠤ᠌ ᠳᠡᠪᠰᠡᠭᠳᠡᠳᠡᠭ ᠪᠣᠯᠵᠤ
 ᠴᠠᠭ ᠥᠭᠡᠷ᠎ᠡ ᠪᠣᠯᠴᠢᠬᠠᠵᠤ ᠁

                      2003 ᠣᠨ

    ᠦᠰᠦᠭ ᠠᠮᠢᠯᠠᠭᠤᠯᠤᠭᠴᠢ ᠄  ᠿᠦᠩ ᠰᠢ
        ᠬᠢᠨᠠᠭᠴᠢ ᠄ ᠪᠠᠯᠵᠢ  ᠪᠠᠭ᠍ᠰᠢ