ᠲᠤᠭ ᠮᠢᠨᠢ — ᠠᠩᠬᠢ ᠶ᠋ᠢᠨ ᠶ᠋ᠢᠡᠨ ᠲᠤᠭ ᠲᠤ – ᠭᠦᠷᠵᠠᠪ Туг минь — Ангийнхаа тугт – Гүржав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠤᠭ ᠮᠢᠨᠢ — ᠠᠩᠬᠢ ᠶ᠋ᠢᠨ ᠶ᠋ᠢᠡᠨ ᠲᠤᠭ ᠲᠤ – ᠭᠦᠷᠵᠠᠪ Туг минь — Ангийнхаа тугт – Гүржав

ᠲᠤᠭ ᠮᠢᠨᠢ — ᠠᠩᠬᠢ ᠶ᠋ᠢᠨ ᠶ᠋ᠢᠡᠨ ᠲᠤᠭ ᠲᠤ – ᠭᠦᠷᠵᠠᠪ Туг минь — Ангийнхаа тугт – Гүржав

2023-03-06

317

ᠲᠤᠭ ᠮᠢᠨᠢ

               ᠭᠦᠷᠵᠠᠪ

              — ᠠᠩᠬᠢ ᠶ᠋ᠢᠨ ᠶ᠋ᠢᠡᠨ ᠲᠤᠭ ᠲᠤ
          
 ᠭᠠᠯᠪᠠ ᠳᠡᠯᠡᠬᠡᠢ ᠶ᠋ᠢ ᠤᠯᠠᠶ᠋ᠢᠯᠭᠠᠬᠤ
 ᠭᠠᠷᠬᠤ ᠨᠠᠷᠠᠨ ᠪ ᠰᠠᠴᠤᠷᠠᠭ
 ᠭᠠᠩᠭᠠᠩ ᠰᠠᠯᠬᠢ ᠶ᠋ᠢ ᠤᠶᠠᠩᠭᠠᠷᠠᠭᠤᠯᠬᠤ
 ᠭᠠᠯᠠᠭᠤᠨ  ᠰᠦᠷᠦᠭ ᠦ᠋ᠨ ᠵᠢᠭᠦᠷ
     ᠲᠤᠭ ᠮᠢᠨᠢ
     ᠲᠤᠵᠢ ᠳ᠋ᠠᠭᠠᠨ ᠨᠠᠮᠢᠷᠠᠨ᠎ᠠ
 ᠠᠶᠠᠨ ᠵᠠᠮ ᠊ᠢ ᠳᠤᠯᠠᠶ᠋ᠢᠯᠭᠠᠬᠤ
 ᠠᠰᠢᠲᠠ ᠶ᠋ᠢᠨ ᠭᠡᠷᠡᠯᠲᠦ ᠴᠠᠮᠬᠠᠭ
 ᠠᠮᠢᠲᠤᠷᠠᠯ ᠦ᠋ᠨ ᠪᠡᠷᠬᠡ ᠶ᠋ᠢ ᠳᠠᠪᠠᠭᠤᠯᠬᠤ
 ᠠᠨᠲᠠ ᠶ᠋ᠢᠨ ᠤᠷᠢᠬᠠᠨ ᠰᠢᠪᠡᠨᠡᠭᠡ
     ᠲᠤᠭ ᠮᠢᠨᠢ
     ᠲᠤᠵᠢ ᠳ᠋ᠠᠭᠠᠨ ᠮᠠᠨᠲᠤᠨ᠎ᠠ
 ᠭᠠᠵᠠᠷ ᠦ᠋ᠨ ᠡᠷᠬᠢ ᠶ᠋ᠢ ᠤᠶᠠᠰᠬᠠᠬᠤ
 ᠭᠠᠯ ᠦ᠋ᠨ  ᠳᠤᠯᠠᠭᠠᠨ ᠢᠯᠴᠢ
 ᠭᠠᠶ᠋ᠢᠬᠠᠮᠰᠢᠬᠲᠤ ᠦᠢᠯᠡᠰ ᠊ᠢ ᠤᠷᠠᠯᠠᠬᠤ
 ᠭᠠᠷ ᠦ᠋ᠨ ᠲᠠᠪᠤᠨ ᠬᠤᠷᠤᠭᠤ
     ᠲᠤᠭ ᠮᠢᠨᠢ
     ᠲᠤᠵᠢ ᠳ᠋ᠠᠭᠠᠨ ᠳᠦᠷᠡᠯᠵᠡᠨ᠎ᠡ
 ᠪᠤᠶᠠᠨ ᠵᠢᠷᠭᠠᠯ ᠊ᠢ ᠲᠦᠭᠡᠭᠡᠬᠦ
 ᠪᠤᠭᠤᠷᠤᠯ ᠨᠠᠰᠤᠲᠠᠳ ᠦ᠋ᠨ ᠢᠷᠥᠭᠡᠯ
 ᠪᠤᠰᠢᠭᠤ ᠲᠦᠷᠭᠡᠨ ᠲᠣᠷᠨᠢᠬᠤ
 ᠪᠤᠯᠪᠠᠷᠠᠢ ᠪᠠᠭᠠᠴᠤᠳ ᠦ᠋ᠨ ᠬᠦᠰᠡᠯ
     ᠲᠤᠭ ᠮᠢᠨᠢ
     ᠲᠤᠵᠢ ᠳ᠋ᠠᠭᠠᠨ ᠳᠤᠯᠠᠯᠵᠠᠨ᠎ᠠ ᠃

ᠢᠷᠡᠯᠲᠡ – ᠬᠡᠤᠭᠡᠳ ᠨᠠᠰᠤ ᠰᠠᠶ᠋ᠢᠬᠠᠨ
        ᠭᠦᠷᠵᠠᠪ ᠵᠣᠬᠢᠶᠠᠪᠠ
          ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠪᠡ
          ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
          ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
         2004 ᠣᠨ ᠪ 9 ᠰᠠᠷ᠎ᠠ  ᠳᠦ ᠠᠩᠬᠠᠲᠤᠭᠠᠷ ᠬᠡᠪ ᠊ᠢ ᠬᠢᠪᠡ
         2004 ᠣᠨ ᠪ 9 ᠰᠠᠷ᠎ᠠ  ᠳᠦ ᠠᠩᠬ᠎ᠠ ᠤᠲᠠᠬ᠋᠎ᠠ ᠬᠡᠪᠯᠡᠪᠡ

        ᠦᠰᠦᠭ ᠠᠮᠢᠯᠠᠭᠤᠯᠤᠭᠴᠢ ᠄  ᠮᠢᠭᠮᠡᠷ
         ᠬᠢᠨᠠᠭᠴᠢ ᠄ ᠪᠠᠶᠠᠷᠴᠡᠴᠡᠭ  ᠪᠠᠭᠰᠢ
               2023 ᠣᠨ ᠪ 3 ᠰᠠᠷ᠎ᠠ ᠶ᠋ᠢᠨ 3 ᠪ ᠡᠲᠦᠷ