ᠵᠠᠭᠤ – ᠭᠦᠷᠵᠠᠪ Зуу – Гүржав
ᠵᠠᠭᠤ
ᠭᠦᠷᠵᠡᠪ
ᠵᠠᠭᠤ ᠭᠡᠵᠦ ᠥᠨᠲᠥᠷ ᠲᠣᠬ᠋᠎ᠠ
ᠵᠠᠭᠤ ᠭᠡᠵᠦ ᠥᠯᠵᠡᠶ᠋ᠢᠲᠡᠢ ᠲᠣᠬ᠋᠎ᠠ
ᠵᠢᠷᠤᠵᠤ ᠪᠢᠴᠢᠬᠦ ᠳᠤ ᠡᠪᠲᠡᠢ ᠲᠣᠬ᠋᠎ᠠ
ᠵᠤᠯᠠᠢ ᠰᠡᠷᠭᠦᠭᠡᠬᠦ ᠰᠢᠲᠢ ᠲᠡᠢ ᠲᠣᠬ᠋᠎ᠠ
ᠵᠤᠨ ᠬᠠᠪᠤᠷ ᠦ᠋ᠨ ᠦᠵᠡᠮᠵᠢ ᠶ᠋ᠢ ᠮᠠᠨ ᠪ ᠬᠢᠨ
ᠵᠠᠭᠤᠨ ᠥᠩᠭᠡ ᠶ᠋ᠢᠨ ᠴᠡᠴᠡᠭ ᠶ᠋ᠢᠡᠷ ᠵᠦᠢᠷᠯᠡᠳᠡᠭ
ᠵᠠᠭᠤᠨ ᠵᠠᠭᠤᠨ ᠪ ᠪᠣᠱᠣᠬ᠋᠎ᠠ ᠶ᠋ᠢ ᠪᠥᠮᠪᠥᠷᠴᠡᠭ ᠮᠢᠨᠢ
ᠵᠤᠤᠵᠠᠢ ᠭᠢᠯᠠᠯᠵᠠᠭᠤᠯᠤᠨ ᠵᠠᠭᠤ ᠪᠠᠷ ᠠᠯᠬᠤᠲᠠᠭ
ᠴᠠᠭ ᠴᠠᠭ ᠦ᠋ᠨ ᠰᠤᠷᠤᠯᠬ᠋ᠠ ᠪᠠᠨ ᠂ ᠪᠢᠲᠡ
ᠴᠢᠩᠬ᠋᠎ᠠ ᠬᠠᠲᠠᠭᠤ ᠵᠠᠭᠤ ᠪᠠᠷ ᠱᠠᠭᠠᠷᠲᠠᠲᠠᠭ
ᠴᠢᠨᠠᠷ ᠪᠦᠲᠤᠮᠵᠢ ᠶ᠋ᠢᠨ ᠬᠡᠮᠵᠢᠶ᠎ᠡ ᠪᠡᠨ
ᠠᠪᠠᠬ᠋᠎ᠠ — ᠴᠤᠤᠯ ᠮᠢᠨᠢ
ᠴᠠᠯᠭᠢᠮ᠎ᠠ ᠳᠦᠭᠦᠷᠡᠩ ᠵᠠᠭᠤ ᠪᠠᠷ ᠰᠢᠯᠭᠠᠲᠠᠭ
ᠦᠶ᠎ᠡ ᠦᠶ᠎ᠡ ᠶ᠋ᠢᠨ ᠦᠷᠡᠰ ᠶ᠋ᠢᠡᠨ ᠨᠠᠰᠤᠲᠠᠳ ᠮᠢᠨᠢ
ᠡᠭᠦᠷᠢᠲᠡ ᠵᠠᠭᠤ ᠨᠠᠰᠤᠯᠠ ᠭᠡᠵᠦ ᠢᠷᠦᠭᠡᠳᠡᠭ
ᠦᠨᠡᠲᠦ ᠲᠣᠭᠯᠠᠭᠠᠮ ᠦ᠋ᠨ ᠲᠣᠬ᠋᠎ᠠ ᠪᠠᠨ ᠂ ᠨᠠᠶ᠋ᠢᠵᠠ ᠨᠠᠷ ᠮᠢᠨᠢ
ᠥᠷᠭᠦᠯᠵᠢᠲᠡ ᠵᠠᠭᠤ ᠪᠠᠷ ᠬᠠᠶᠠᠵᠤ ᠮᠥᠴᠡᠭᠡᠷᠬᠡᠳᠡᠭ
ᠲᠠᠯ᠎ᠠ ᠳᠤ ᠪᠡᠯᠴᠢᠬᠦ ᠰᠥᠷᠦᠭ ᠶ᠋ᠢᠡᠨ ᠂
ᠡᠪᠦᠭᠡ — ᠴᠤᠤᠯ ᠮᠢᠨᠢ
ᠲᠠᠩᠰᠤᠭ ᠲᠠᠷᠭᠤᠨ ᠵᠠᠭᠤ ᠪᠠᠷ ᠲᠣᠭᠠᠯᠠᠲᠠᠭ
ᠲᠠᠨ ᠪ ᠮᠠᠨ ᠪ ᠣᠯᠵᠠ ᠪᠠᠨ ᠂
ᠡᠮᠡᠭᠡ — ᠴᠤᠤᠯ ᠮᠢᠨᠢ
ᠲᠠᠪᠤ ᠠᠷᠪᠠᠨ ᠵᠠᠭᠤ ᠪᠠᠷ ᠠᠲᠠᠯᠢᠤᠠᠬᠠᠲᠠᠭ
ᠵᠠᠭᠤ ᠭᠡᠵᠦ ᠪᠡᠯᠭᠡᠲᠡᠢ ᠲᠣᠬ᠋᠎ᠠ
ᠵᠠᠭᠤ ᠭᠡᠵᠦ ᠭᠠᠶ᠋ᠢᠬᠠᠮᠰᠢᠬᠲᠠᠢ ᠲᠣᠬ᠋᠎ᠠ
ᠵᠠᠭᠤ ᠣᠯᠬᠤ ᠰᠠᠶ᠋ᠢᠬᠠᠨ ᠢᠷᠥᠭᠡᠯ ᠂
ᠵᠠᠭᠤ ᠠᠯᠲᠠᠬᠤ ᠮᠠᠭᠤᠬᠠᠨ ᠤᠴᠠᠷᠠᠯ ᠃
ᠢᠷᠡᠯᠲᠡ – ᠬᠡᠤᠭᠡᠳ ᠨᠠᠰᠤ ᠰᠠᠶ᠋ᠢᠬᠠᠨ
ᠭᠦᠷᠵᠠᠪ ᠵᠣᠬᠢᠶᠠᠪᠠ
ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠪᠡ
ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
2004 ᠣᠨ ᠪ 9 ᠰᠠᠷ᠎ᠠ ᠳᠦ ᠠᠩᠬᠠᠲᠤᠭᠠᠷ ᠬᠡᠪ ᠊ᠢ ᠬᠢᠪᠡ
2004 ᠣᠨ ᠪ 9 ᠰᠠᠷ᠎ᠠ ᠳᠦ ᠠᠩᠬ᠎ᠠ ᠤᠲᠠᠬ᠋᠎ᠠ ᠬᠡᠪᠯᠡᠪᠡ
ᠦᠰᠦᠭ ᠠᠮᠢᠯᠠᠭᠤᠯᠤᠭᠴᠢ ᠄ ᠤᠷᠠᠨᠴᠡᠴᠡᠭ
ᠬᠢᠨᠠᠭᠴᠢ ᠄ ᠪᠠᠶᠠᠷᠴᠡᠴᠡᠭ ᠪᠠᠭᠰᠢ
2023 ᠣᠨ ᠪ 3 ᠰᠠᠷ᠎ᠠ ᠶ᠋ᠢᠨ 4 ᠪ ᠡᠳᠦᠷ
