ᠵᠢᠪᠦᠯ - ᠭ ᠂ ᠴᠢᠩᠪᠠᠭᠠᠲᠤᠷ Живэл – Г ᠂ Чинбаатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠢᠪᠦᠯ - ᠭ ᠂ ᠴᠢᠩᠪᠠᠭᠠᠲᠤᠷ Живэл – Г ᠂ Чинбаатар

ᠵᠢᠪᠦᠯ - ᠭ ᠂ ᠴᠢᠩᠪᠠᠭᠠᠲᠤᠷ Живэл – Г ᠂ Чинбаатар

2023-03-06

262

ᠵᠢᠪᠦᠯ


                ᠭ ᠂ ᠴᠢᠩᠪᠠᠭᠠᠲᠤᠷ

 ᠲᠦᠩᠬᠦᠶ᠋ᠢᠭᠰᠡᠨ  ᠬᠥᠬᠡ ᠠᠭᠤᠯᠠ
 ᠶᠠᠭᠤ ᠪᠣᠳᠣᠵᠤ ᠪᠠᠶ᠋ᠢᠭ᠎ᠠ ᠎ᠶ᠋ᠢ ᠪᠢ  ᠮᠡᠳᠡᠨ᠎ᠡ
 ᠤᠶ᠋ᠢᠳᠬᠠᠷ ᠮᠡᠲᠦ ᠤᠨᠢᠶᠠᠷ ᠎ᠲᠤ᠌ ᠵᠢᠪᠴᠡᠢ

 ᠴᠡᠯᠡᠶ᠋ᠢᠭᠰᠡᠨ ᠲᠠᠴᠢᠷ ᠲᠠᠯ᠎ᠠ
 ᠶᠠᠭᠤ ᠨᠡᠬᠡᠵᠦ ᠪᠠᠶ᠋ᠢᠭ᠎ᠠ ᠎ᠶ᠋ᠢ ᠪᠢ ᠮᠡᠳᠡᠨ᠎ᠡ
 ᠨᠢᠯᠪᠤᠰᠤ ᠮᠡᠲᠦ ᠡᠯᠡᠰᠦᠨ ᠎ᠳ᠋ᠦ᠍  ᠵᠢᠪᠴᠡᠢ

 ᠬᠣᠷᠢᠭᠳᠠᠭᠰᠠᠨ ᠬᠡᠳᠦᠨ ᠮᠠᠯ ᠮᠢᠨᠢ
 ᠶᠠᠭᠤ ᠬᠦᠰᠡᠵᠦ ᠪᠠᠶ᠋ᠢᠭ᠎ᠠ ᠎ᠶ᠋ᠢ ᠪᠢ ᠮᠡᠳᠡᠨ᠎ᠡ
 ᠲᠠᠮᠤ ᠮᠡᠲᠦ ᠬᠠᠰᠢᠶᠠᠨ ᠎ᠳ᠋ᠦ᠍ ᠵᠢᠪᠴᠡᠢ

 ᠬᠠᠪᠴᠢᠭᠳᠠᠭᠰᠠᠨ ᠬᠡᠳᠦᠨ ᠮᠠᠯᠴᠢᠳ ᠮᠢᠨᠢ
 ᠶᠠᠭᠤ ᠰᠡᠳᠬᠢᠵᠦ ᠪᠠᠶ᠋ᠢᠭ᠎ᠠ ᠎ᠶ᠋ᠢ ᠪᠢ  ᠮᠡᠳᠡᠨ᠎ᠡ
 ᠳᠣᠮᠣᠭ ᠮᠡᠲᠦ ᠳᠤᠷᠠᠳᠬᠠᠯ ᠎ᠳ᠋ᠤ᠌ ᠵᠢᠪᠴᠡᠢ

 ᠪᠢᠷ  ᠪᠠᠷᠠᠭᠰᠠᠨ ᠮᠡᠷᠭᠡᠳ ᠦ᠋ᠨ
 ᠶᠠᠭᠤ ᠰᠠᠷᠪᠠᠶ᠋ᠢᠵᠤ ᠶᠠᠪᠤᠭ᠎ᠠ ᠎ᠶ᠋ᠢ ᠪᠢ ᠮᠡᠳᠡᠬᠦ ᠦᠭᠡᠢ
 ᠳᠠᠯᠠᠢ ᠮᠡᠲᠦ ᠨᠡᠶ᠋ᠢᠭᠡᠮ ᠎ᠳ᠋ᠦ᠍ ᠵᠢᠪᠴᠡᠢ

                              2010.7.1

       ᠦᠰᠦᠭ ᠠᠮᠢᠯᠠᠭᠤᠯᠤᠭᠴᠢ ᠄  ᠿᠦᠩ ᠰᠢ
         ᠬᠢᠨᠠᠭᠴᠢ ᠄ ᠪᠠᠯᠵᠢ ᠪᠠᠭ᠍ᠰᠢ