ᠪᠢ - ᠭ ᠂ ᠴᠢᠩᠪᠠᠭᠠᠲᠤᠷ Би – Г ᠂ Чинбаатар
ᠪᠢ
ᠭ ᠂ ᠴᠢᠩᠪᠠᠭᠠᠲᠤᠷ
ᠭᠢᠯᠠᠯᠵᠠᠭᠰᠠᠨ ᠳ᠋ᠧᠩ ᠦ᠋ᠨ ᠳᠣᠣᠷᠠᠬᠢ ᠪᠤᠳᠤᠮᠠᠯ ᠴᠢᠷᠠᠢ — ᠮᠢᠨᠦᠬᠢ ᠪᠢᠰᠢ
ᠭᠢᠯᠲᠠᠭᠠᠨᠠᠭᠰᠠᠨ ᠱᠠᠬᠠᠢ ᠂ ᠦᠯᠢᠶᠡᠯᠭᠡᠭᠰᠡᠨ ᠭᠡᠵᠢᠭᠡ — ᠥᠪᠡᠷ ᠦ᠋ᠨ ᠬᠢ ᠪᠢᠰᠢ
ᠠᠯᠳᠠᠷ ᠨᠡᠷ᠎ᠡ ᠂ ᠱᠠᠩᠨᠠᠯ ᠬᠥᠬᠢᠭᠦᠯᠦᠯ —ᠮᠥᠷᠥᠭᠡᠳᠦᠯ ᠮᠢᠨᠢ ᠪᠢᠰᠢ
ᠠᠮᠢᠳᠤᠷᠠᠯ ᠳᠤᠮᠳᠠ ᠪᠠᠶ᠋ᠢᠭ᠎ᠠ ᠯᠠ ᠪᠢ — 《ᠪᠢ 》ᠪᠢᠰᠢ
ᠵᠢᠷᠦᠬᠡᠨ ᠪ ᠮᠢᠨᠢ ᠭᠦᠨ ᠳ᠋ᠦ᠍ ᠵᠢᠵᠢᠭᠬᠡᠨ ᠶᠢᠷᠲᠢᠨᠴᠦ ᠪᠣᠢ
ᠵᠢᠵᠢᠭᠬᠡᠨ ᠲᠡᠷᠡ ᠶᠢᠷᠲᠢᠨᠴᠦ ᠳ᠋ᠦ᠍ 《 ᠪᠢ 》 ᠮᠢᠨᠢ ᠪᠣᠢ
ᠵᠢᠩᠬᠢᠨᠢ ᠬᠠᠭᠤᠷᠮᠠᠭ ᠠᠯᠠᠭᠯᠠᠭᠰᠠᠨ ᠬᠣᠷᠸ᠋᠎ᠠ ᠠ᠋ᠴᠠ ᠮᠠᠬᠠᠪᠣᠳ ᠶ᠋ᠢᠠᠷ ᠮᠢᠨᠢ ᠲᠤᠰᠠᠭᠠᠷᠯᠠᠭᠰᠠᠨ
ᠵᠢᠪ ᠵᠢᠩᠬᠢᠨᠢ 《ᠪᠢ 》ᠰᠡᠳᠬᠢᠯ ᠳ᠋ᠦ᠍ ᠮᠢᠨᠢ ᠪᠣᠢ
ᠬᠤᠪᠴᠠᠰᠤᠨ ᠳ᠋ᠤ᠌ ᠪᠣᠭᠣᠯᠲᠠᠲᠠᠢ ᠨᠠᠮᠠᠶ᠋ᠢ ᠮᠠᠨᠠᠭᠤᠯ ᠯᠠ ᠭᠡᠵᠦ ᠪᠣᠳᠣᠭᠠᠷᠠᠢ
ᠬᠤᠳᠠᠯ ᠢᠨᠢᠶᠡᠨ ᠂ ᠦᠨᠡᠨ ᠤᠬᠢᠯᠠᠳᠠᠭ ᠴᠢᠷᠠᠢ ᠯᠠ ᠭᠡᠵᠦ ᠰᠠᠨᠠᠭᠠᠷᠠᠢ
ᠥᠩᠭᠡᠲᠦ ᠣᠷᠴᠢᠯᠠᠩ ᠳ᠋ᠤ᠌ ᠬᠥᠮᠦᠨ ᠪᠦᠬᠦᠨ ᠢᠩᠭᠢᠵᠦ
ᠥᠩᠭᠡᠨ ᠳᠡᠭᠡᠷ᠎ᠡ ᠪᠡᠨ ᠥᠷᠥᠮ᠎ᠡ ᠬᠥᠪᠦᠭᠦᠯᠵᠦ ᠶᠠᠪᠤᠳᠠᠭ ᠰᠢᠦ ᠳ᠋ᠡ
ᠣᠶᠤᠨ ᠰᠦᠨᠡᠰᠦᠨ ᠳ᠋ᠦ᠍ ᠮᠢᠨᠢ ᠯᠡ ᠠᠭᠤᠰᠤᠭᠰᠠᠨ 《 ᠪᠢ 》
ᠪᠣᠳᠣᠯ ᠳ᠋ᠤ᠌ ᠮᠢᠨᠢ ᠠᠮᠢᠳᠤᠷᠠᠳᠠᠭ᠂ ᠪᠤᠷᠬᠠᠨ ᠰᠢᠭ᠋ ᠲᠣᠬᠠᠯᠠᠲᠠᠭ
ᠲᠡᠨᠳᠡ ᠯᠠ ᠮᠢᠨᠦ ᠪᠣᠯᠤᠨ ᠴᠢᠨᠦ ᠪᠠᠶᠠᠷ ᠪᠣᠯᠤᠨ ᠭᠤᠨᠢᠬ
ᠲᠡᠷᠡ ᠯᠠ ᠴᠢᠭ᠌ ᠶ᠋ᠢᠡᠷ ᠶ᠋ᠢᠡᠨ ᠂ ᠥᠪ ᠦᠨᠡᠨ ᠶ᠋ᠢᠡᠷ ᠶ᠋ᠢᠡᠨ ᠪᠠᠶ᠋ᠢᠳᠠᠭ
2009 .3.5
ᠦᠰᠦᠭ ᠠᠮᠢᠯᠠᠭᠤᠯᠤᠭᠴᠢ ᠄ ᠿᠦᠩ ᠰᠢ
ᠬᠢᠨᠠᠭᠴᠢ ᠄ ᠪᠠᠯᠵᠢ ᠪᠠᠭ᠍ᠰᠢ
