ᠡᠷ᠎ᠡ ᠬᠥᠮᠦᠨ ᠪᠢ ᠴᠢᠨᠢ-ᠳᠠᠰᠢᠨᠢᠮ᠎ᠠ᠂ ᠳᠠᠸᠠᠳᠠᠯᠠᠢЭр хүн би чинь-Дашням Даваадалй ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠷ᠎ᠡ ᠬᠥᠮᠦᠨ ᠪᠢ ᠴᠢᠨᠢ-ᠳᠠᠰᠢᠨᠢᠮ᠎ᠠ᠂ ᠳᠠᠸᠠᠳᠠᠯᠠᠢЭр хүн би чинь-Дашням Даваадалй

ᠡᠷ᠎ᠡ ᠬᠥᠮᠦᠨ ᠪᠢ ᠴᠢᠨᠢ-ᠳᠠᠰᠢᠨᠢᠮ᠎ᠠ᠂ ᠳᠠᠸᠠᠳᠠᠯᠠᠢЭр хүн би чинь-Дашням Даваадалй

ᠠᠩᠭᠢᠯᠠᠯ:ᠳᠠᠭᠤᠤ ᠬᠥᠭᠵᠢᠮ
2023-03-05

450

ᠡᠷ᠎ᠡ ᠬᠥᠮᠦᠨ ᠪᠢ ᠴᠢᠨᠢ


    ᠦᠭᠡ᠄  ᠱ• ᠭᠦᠷᠦᠪᠠᠽᠠᠷ      
    ᠠᠶ᠎ᠠ᠄ ᠯ• ᠪᠠᡀᠠᠨᠵᠠᠪ    
    ᠳᠠᠭᠤᠴᠢᠨ᠄ ᠳᠠᠰᠢᠨᠢᠮ᠎ᠠ᠂ ᠳᠠᠸᠠᠳᠠᠯᠠᠢ    

ᠪᠣᠷᠣᠭ᠎ᠠ ᠲᠠᠢ ᠲᠩᠷᠢ ᠡᠴᠡ ᠪᠡᠨ ᠤᠢᠳᠬᠤ ᠳ᠋ᠠᠭᠠᠨ    
ᠣᠳᠣᠳ ᠨᠢ ᠭᠠᠵᠠᠷ ᠢ᠋ᠶ᠋ᠠᠨ ᠵᠡᠭᠦᠳᠦᠯᠡᠬᠦ ᠰᠢᠭ
ᠪᠣᠰᠤᠭ᠎ᠠ ᠵᠠᠶᠠᠭ᠎ᠠ ᠪᠠᠷ ᠥᠪᠡᠷ ᠢ᠋ ᠪᠡᠨ ᠪᠦᠰᠡᠯᠡᠭᠰᠡᠨ
ᠳᠡᠪᠡᠯ ᠲᠡᠢ ᠬᠡᠢᠮᠣᠷᠢ ᠨᠢ ᠪᠢᠰᠢ ᠭᠡᠵᠦ ᠤᠤ ᠳᠧ
ᠡᠷ᠎ᠡ ᠬᠥᠮᠦᠨ ᠪᠢ ᠴᠢᠨᠢ᠃

ᠮᠠᠨᠠᠨ ᠲᠠᠢ ᠠᠭᠤᠯᠠᠨ ᠡᠴᠡ ᠪᠡᠨ ᠵᠠᠯᠭᠠᠬᠤ ᠳ᠋ᠠᠭᠠᠨ
ᠮᠡᠯᠮᠡᠢ ᠶ᠋ᠢᠨ ᠰᠡᠵᠢᠭᠦᠷ ᠨᠢ ᠬᠥᠯᠥᠷᠡᠳᠡᠭ ᠰᠢᠭ
ᠮᠢᠨᠦ ᠡᠵᠡᠭᠦᠢ ᠳ᠋ᠦ᠍ ᠭᠠᠯ ᠮᠢᠨᠢ ᠰᠠᠨᠠᠭ᠎ᠠ ᠠᠯᠳᠠᠭᠰᠠᠨ
ᠭᠣᠯᠣᠮᠲᠠ ᠨᠢ ᠪᠢᠰᠢ ᠭᠡᠵᠦ ᠤᠤ ᠳᠠ
ᠡᠷ᠎ᠡ ᠬᠥᠮᠦᠨ ᠪᠢ ᠴᠢᠨᠢ
ᠰᠠᠯᠬᠢ ᠲᠠᠢ ᠰᠠᠷᠠᠨ ᠨᠠᠮᠤᠷ ᠠ᠋ᠴᠠ ᠨᠢ
ᠨᠠᠪᠴᠢ ᠪᠠᠨ ᠭᠤᠶᠤᠵᠤ ᠦᠯᠡᠳᠡᠬᠦ ᠰᠢᠭ
ᠴᠠᠢ ᠶ᠋ᠢᠨ ᠳᠡᠭᠡᠵᠢ ᠨᠢ ᠲᠣᠭᠣᠭᠠᠨ ᠳ᠋ᠠᠭᠠᠨ ᠬᠦᠯᠢᠶᠡᠭᠰᠡᠨ
ᠠᠢᠯ ᠤ᠋ᠨ ᠬᠣᠢᠮᠣᠷ ᠨᠢ ᠪᠢᠰᠢ ᠭᠡᠵᠦ ᠤᠤ
ᠡᠷ᠎ᠡ ᠬᠥᠮᠦᠨ ᠪᠢ ᠴᠢᠨᠢ᠁

ᠨᠢᠭᠦᠯ ᠲᠡᠢ ᠬᠣᠷᠸ᠎ᠠ ᠶ᠋ᠢ ᠡᠨᠳᠡᠭᠦᠷᠡᠬᠦ ᠳ᠋ᠡᠭᠡᠨ
ᠨᠢᠯᠪᠤᠰᠤ ᠪᠠᠨ ᠬᠠᠨᠴᠤᠢᠯᠠᠭᠠᠳ ᠨᠢᠭᠤᠳᠠᠭ ᠴᠤ᠌ ᠭᠡᠰᠡᠨ
ᠨᠡᠭᠦᠭᠡᠳ ᠢᠷᠡᠳᠡᠭ ᠰᠢᠪᠠᠭᠤᠳ ᠤ᠋ᠨ ᠴᠤᠪᠤᠭ᠎ᠠ ᠶ᠋ᠢ
ᠤᠬᠢᠯᠠᠵᠤ ᠤᠭᠲᠤᠭ᠎ᠠ ᠦᠭᠡᠢ ᠭᠡᠵᠦ᠎ᠦᠦ᠎ᠳᠡ
ᠡᠷ᠎ᠡ ᠬᠥᠮᠦᠨ ᠪᠢ ᠴᠢᠨᠢ
ᠡᠵᠢ ᠠᠪᠤ ᠶ᠋ᠢᠨ ᠵᠠᠯᠪᠠᠷᠢᠯ ᠢ᠋ᠶ᠋ᠠᠷ
ᠵᠠᠶᠠᠭ᠎ᠠ ᠪᠠᠨ ᠳᠠᠭᠤᠳᠠᠭᠰᠠᠨ
ᠡᠷ᠎ᠡ ᠬᠥᠮᠦᠨ ᠪᠢ ᠴᠢᠨᠢ
ᠢᠨᠢᠶᠡᠵᠦ ᠤᠬᠢᠯᠠᠳᠠᠭ ᠨᠠᠷᠠᠨ ᠤ᠋ ᠳᠣᠣᠷ᠎ᠠ
ᠡᠢᠮᠦ ᠯᠡ ᠠᠮᠠᠷᠬᠠᠨ ᠭᠤᠳᠤᠢᠨ᠎ᠠ ᠭᠡᠵᠦ ᠤᠤ
ᠡᠷ᠎ᠡ ᠬᠥᠮᠦᠨ ᠪᠢ ᠴᠢᠨᠢ᠃

ᠳᠡᠭᠡᠯ ᠲᠡᠢ ᠠᠭᠤᠯᠠ ᠶ᠋ᠢᠨ ᠣᠷᠣᠢ ᠠ᠋ᠴᠠ
ᠴᠢᠯᠠᠭᠤ ᠶ᠋ᠢ ᠨᠢ ᠭᠤᠶᠤᠵᠤ ᠬᠥᠨᠳᠡᠬᠦ ᠰᠢᠭ
ᠲᠠᠪᠤᠨ ᠬᠠᠨ᠎ᠠ ᠨᠢ ᠨᠠᠷᠠ ᠵᠥᠪ ᠲᠣᠭᠣᠷᠢᠭᠰᠠᠨ
ᠲᠣᠭᠣᠨᠣ ᠨᠢ ᠪᠢᠰᠢ ᠭᠡᠵᠦ ᠤᠤ ᠳᠠ
ᠡᠷ᠎ᠡ ᠬᠥᠮᠦᠨ ᠪᠢ ᠴᠢᠨᠢ᠁

ᠲᠣᠭᠣᠨᠣ ᠨᠢ ᠪᠢᠰᠢ ᠭᠡᠵᠦ ᠤᠤ
ᠡᠷ᠎ᠡ ᠬᠥᠮᠦᠨ ᠪᠢ ᠴᠢᠨᠢ᠃

   ᠦᠰᠦᠭ ᠬᠠᠳᠠᠭᠴᠢ᠄ ᠵᠢᠷᠠᠨᠲᠠᠢ
   ᠦᠰᠦᠭ ᠠᠮᠢᠯᠠᠭᠤᠯᠤᠭᠴᠢ᠄ ᠤᠤᠭᠠᠨᠵᠢᠳ
   ᠬᠢᠨᠠᠭᠴᠢ᠄ ᠮᠡᠷᠭᠡᠨᠪᠢᠯᠢᠭ