ᠮᠢᠨᠦ ᠡᠬᠡ ᠣᠷᠣᠨ ᠰᠢᠯᠦᠭ ᠦᠨ ᠲᠡᠭᠦᠪᠦᠷᠢМиний Эх Орон шүлгийн түүвэр
ᠮᠢᠨᠦ ᠡᠬᠡ ᠣᠷᠣᠨ
ᠮᠢᠨᠦ ᠡᠬᠡ ᠣᠷᠣᠨ
— ᠰᠢᠯᠦᠭ ᠦ᠋ᠨ ᠲᠡᠭᠦᠪᠦᠷᠢ ᠡᠴᠡ
ᠬᠥᠬᠡ ᠲᠩᠷᠢ ᠶ᠋ᠢᠨ ᠣᠷᠣᠨ ᠊ᠢ ᠡᠵᠡᠩᠨᠡᠩᠭᠡᠨ ᠲᠥᠷᠥᠯ᠎ᠡ ᠪᠢ
ᠬᠥᠬᠡ ᠮᠣᠩᠭᠣᠯ ᠠᠯᠳᠠᠷᠠᠭᠰᠠᠨ ᠊ᠢ ᠦᠶ᠎ᠡ ᠳᠠᠮᠵᠢᠭᠰᠠᠨ ᠳᠣᠮᠣᠭ ᠲᠤ᠌
ᠬᠦᠴᠦᠷᠬᠡᠭ ᠳᠡᠭᠡᠳᠦᠰ ᠦ᠋ᠨ ᠨᠤᠲᠤᠭ ᠲᠤ᠌ ᠮᠠᠨᠳᠤᠭᠰᠠᠨ ᠬᠤᠪᠢᠰᠬᠠᠯ ᠤ᠋ᠨ
ᠲᠥᠯᠥᠨ ᠳ᠋ᠦ᠍
ᠬᠥᠷᠥᠰᠥᠲᠦ ᠠᠯᠲᠠᠨ ᠳᠡᠯᠡᠬᠡᠢ ᠶ᠋ᠢᠨ ᠦᠷᠴᠢᠯᠡᠭᠡᠲᠦ ᠮᠠᠩᠨᠠᠢ ᠪᠣᠯᠤᠭᠰᠠᠨ
ᠬᠥᠬᠡ ᠲᠩᠷᠢ ᠶ᠋ᠢᠨ ᠣᠷᠣᠨ ᠊ᠢ ᠡᠵᠡᠩᠨᠡᠩᠭᠡᠨ ᠲᠥᠷᠥᠯ᠎ᠡ ᠪᠢ
ᠤᠷᠭᠤᠵᠤ ᠦᠭᠡᠢ ᠨᠠᠷᠠᠨ ᠳᠣᠲᠣᠷ᠎ᠠ ᠠ᠋ᠴᠠ ᠨᠢ ᠠᠩᠭᠢᠷ ᠤ᠋ᠨ ᠴᠤᠪᠤᠭ᠎ᠠ
ᠵᠡᠯᠡᠯᠡᠵᠦ
ᠤᠷᠤᠰᠴᠤ ᠦᠭᠡᠢ ᠤᠰᠤᠨ ᠳ᠋ᠤ᠌ ᠨᠢ ᠡᠷᠳᠡᠨᠢ ᠶ᠋ᠢᠨ ᠰᠠᠷᠠᠨ ᠡᠷᠬᠡᠯᠡᠭᠰᠡᠨ
ᠤᠨᠢᠶᠠᠷᠲᠤ ᠲᠠᠯ᠎ᠠ ᠬᠥᠨᠳᠡᠢ ᠥᠮᠥᠭ ᠲᠡᠭᠦᠯᠳᠡᠷ ᠠᠭᠤᠯᠠᠰ
ᠠᠭᠤᠳᠠᠮ ᠭᠣᠪᠢ ᠶ᠋ᠢᠨ ᠡᠬᠡ ᠣᠷᠣᠨ
ᠤᠳᠬ᠎ᠠ ᠤᠴᠢᠷ ᠤ᠋ᠨ ᠬᠤᠷᠸ᠋ᠠ ᠳ᠋ᠤ᠌ ᠨᠠᠮ᠎ᠠ ᠶ᠋ᠢ ᠲᠣᠰᠴᠤ ᠠᠪᠤᠭᠰᠠᠨ
ᠡᠬᠡ ᠣᠷᠣᠨ
ᠨᠠᠷᠠ ᠵᠦᠭ ᠦ᠋ᠨ ᠡᠬᠡ ᠣᠷᠣᠨ — ᠮᠢᠨᠦ ᠮᠣᠩᠭᠣᠯ ᠠ᠋ !
ᠡᠭᠡᠯᠢᠲᠦ ᠨᠠᠷᠠᠨ ᠤ᠋ ᠰᠠᠴᠤᠷᠠᠭ ᠠᠯᠲᠠᠨ ᠡᠷᠳᠡᠨᠢ
ᠡᠯᠢᠭᠡᠨ ᠠᠭᠤᠯᠠᠰ ᠤ᠋ᠨ ᠣᠷᠭᠢᠯ ᠨᠢ ᠮᠥᠩᠭᠥᠨ ᠡᠷᠳᠡᠨᠢ
ᠢᠯᠴᠢ ᠶ᠋ᠢᠨ ᠤᠯᠠᠭᠠᠨ ᠭᠠᠯ ᠨᠢ ᠱ᠌ᠢᠷᠦᠨ ᠡᠷᠳᠡᠨᠢ
ᠡᠵᠢ ᠶ᠋ᠢᠨ ᠴᠠᠭᠠᠨ ᠰᠦ ᠨᠢ ᠰᠤᠪᠤᠳ ᠡᠷᠳᠡᠨᠢ
ᠡᠩ ᠦᠭᠡᠢ ᠥᠷᠭᠡᠨ ᠲᠠᠯ᠎ᠠ ᠨᠢ ᠣᠭ᠌ᠶᠤ ᠡᠷᠳᠡᠨᠢ
ᠡᠷᠬᠡᠰ ᠨᠠᠭᠠᠳᠬᠤ ᠲᠩᠷᠢ ᠨᠢ ᠨᠣᠮᠢᠨ ᠡᠷᠳᠡᠨᠢ
ᠡᠪᠯᠡᠷᠡᠯ ᠦ᠋ᠨ ᠴᠠᠭᠠᠨ ᠭᠡᠷ ᠨᠢ ᠲᠠᠨ᠎ᠠ ᠡᠷᠳᠡᠨᠢ
ᠡᠩᠬᠡ ᠦᠷ ᠦ᠋ᠨ ᠲᠤᠶᠠᠭ᠎ᠠ ᠨᠢ ᠵᠡᠰ ᠡᠷᠳᠡᠨᠢ
ᠡᠷᠬᠡᠲᠦ ᠠᠷᠠᠳ ᠤ᠋ᠨ ᠡᠪ ᠭᠠᠩ ᠡᠷᠳᠡᠨᠢ
ᠡᠬᠡ ᠣᠷᠣᠨ ᠮᠢᠨᠢ ᠶᠢᠰᠦᠨ ᠡᠷᠳᠡᠨᠢ ᠪᠢᠯᠡ ᠠ᠋ !
ᠴᠢᠩᠭᠢᠰ ᠦ᠋ᠨ ᠡᠬᠡ ᠮᠣᠩᠭᠣᠯ ᠶᠠᠳᠠᠷᠠᠭᠰᠠᠨ ᠂ ᠭᠤᠳᠤᠷᠠᠭᠰᠠᠨ ᠂ ᠵᠠᠳᠠᠷᠠᠭᠰᠠᠨ
ᠴᠢᠨᠦ ᠬᠥᠬᠡ ᠮᠣᠩᠭᠣᠯ ᠢᠯᠠᠭᠰᠠᠨ ᠂ ᠬᠥᠭᠵᠢᠭᠰᠡᠨ ᠂ ᠮᠠᠨᠳᠤᠭᠰᠠᠨ
ᠶᠠᠮᠠᠷᠴᠤ ᠪᠠᠢᠬᠰᠠᠨ ᠴᠢᠩᠭᠢᠰ ᠬᠠᠨ ᠭᠠᠷᠤᠳᠢ ᠰᠢᠭ᠋ ᠬᠠᠯᠢᠵᠤ
ᠶᠠᠯ᠎ᠠ ᠭᠠᠪᠢᠶ᠎ᠠ ᠬᠣᠶᠠᠷ ᠢ᠋ᠶ᠋ᠠᠨ ᠬᠣᠢᠴᠢ ᠦᠶ᠎ᠡ ᠳ᠋ᠡᠭᠡᠨ ᠳᠠᠭᠠᠳᠬᠠᠭᠰᠠᠨ
ᠶᠤᠮ ᠃
ᠭᠠᠯ ᠤᠰᠤᠨ ᠳ᠋ᠤ᠌ ᠡᠯᠡᠭᠲᠡᠭᠰᠡᠨ ᠪᠤᠭᠤᠷᠤᠯ ᠽᠠᠮᠪᠤᠲᠢᠪ ᠤ᠋ᠨ ᠮᠠᠩᠨᠠᠢ ᠳ᠋ᠤ᠌
ᠭᠠᠩ ᠰᠡᠯᠡᠮ᠎ᠡ ᠶ᠋ᠢᠨ ᠢ᠋ᠶ᠋ᠡᠨ ᠢᠷ ᠢ᠋ᠶ᠋ᠡᠷ ᠮᠣᠩᠭᠣᠯ ᠭᠡᠵᠦ ᠪᠢᠴᠢᠭᠰᠡᠨ
ᠶᠦ᠍ᠮ
ᠡᠪᠦᠭᠡ ᠳᠡᠭᠡᠳᠦᠰ ᠡᠴᠡ ᠪᠡᠨ ᠪᠢᠳᠡ ᠡᠬᠡ ᠣᠷᠣᠨ ᠢ᠋ᠶ᠋ᠠᠨ ᠬᠦᠯᠢᠶᠡᠵᠦ
ᠠᠪᠤᠭᠰᠠᠨ
ᠦᠷ᠎ᠡ ᠠᠴᠢ ᠳ᠋ᠠᠭᠠᠨ ᠬᠦᠯᠢᠶᠡᠯᠭᠡᠵᠦ ᠦᠭᠭᠦᠨ᠎ᠡ
ᠲᠤᠭ ᠂ ᠰᠦᠯᠳᠡ ᠲᠤᠰᠠᠭᠠᠷ ᠲᠣᠭᠲᠠᠨᠢᠯ ᠲᠤᠯᠭ᠎ᠠ ᠶ᠋ᠢᠨ ᠭᠤᠷᠪᠠᠨ ᠴᠢᠯᠠᠭᠤ
ᠲᠤᠯᠤᠭᠰᠠᠨ ᠭᠣᠯᠣᠮᠲᠠ ᠪᠠᠨ ᠡᠪᠦᠭᠡ ᠳᠡᠭᠡᠳᠦᠰ ᠡᠴᠡ ᠪᠡᠨ ᠪᠢᠳᠡ ᠬᠦᠯᠢᠶᠡᠵᠦ
ᠠᠪᠤᠭᠰᠠᠨ
ᠦᠷ᠎ᠡ ᠠᠴᠢ ᠳ᠋ᠠᠭᠠᠨ ᠬᠦᠯᠢᠶᠡᠯᠭᠡᠵᠦ ᠥᠭᠭᠦᠨ᠎ᠡ
ᠬᠠᠨᠠᠲᠤ ᠴᠠᠭᠠᠨ ᠭᠡᠷ ᠦ᠋ᠨ ᠣᠳᠣ ᠬᠡᠢᠮᠣᠷᠢ ᠶ᠋ᠢᠨ ᠲᠣᠭᠣᠨᠣᠨ ᠳᠡᠭᠡᠷ᠎ᠡ
ᠬᠠᠰᠠᠭ ᠬᠠᠯᠠᠭᠤᠨ ᠲᠤᠯᠭᠠᠨ ᠤ᠋ ᠣᠮᠣᠭ ᠳᠥᠷᠪᠡᠨ ᠲᠣᠲᠣᠭᠣᠨ ᠳᠡᠭᠡᠷ᠎ᠡ
ᠬᠠᠨ ᠠᠯᠲᠠᠢ ᠠᠪᠤ ᠶ᠋ᠢᠨ ᠣᠩᠭᠣᠨ ᠲᠡᠷᠢᠭᠦᠨ ᠣᠷᠭᠢᠯ ᠳᠡᠭᠡᠷ᠎ᠡ
ᠬᠠᠲᠤᠨ ᠰᠡᠯᠡᠩᠭᠡ ᠡᠵᠢ ᠶ᠋ᠢᠨ ᠬᠣᠲᠠ ᠣᠷᠣᠰᠢᠬᠤ ᠮᠠᠨᠳᠤᠯ ᠳᠡᠭᠡᠷ᠎ᠡ
ᠲᠤᠰᠠᠭᠠᠷ ᠲᠣᠭᠲᠠᠨᠢᠯ ᠴᠢᠮ᠎ᠠ ᠶ᠋ᠢ ᠲᠤᠩᠬᠠᠭᠯᠠᠨ ᠪᠢᠴᠢᠨ᠎ᠡ ᠪᠢ
ᠨᠢᠭᠤᠷ ᠲᠤ᠌ ᠨᠢ ᠭᠠᠯ ᠪᠠᠳᠠᠷᠠᠭᠰᠠᠨ ᠮᠣᠩᠭᠣᠯ ᠡᠴᠢᠭᠡ ᠶ᠋ᠢᠨ ᠬᠡᠢᠮᠣᠷᠢ
ᠳᠡᠭᠡᠷ᠎ᠡ
ᠨᠦᠨᠵᠦᠭ ᠲᠦ᠍ ᠨᠢ ᠨᠠᠷᠠ ᠭᠡᠷᠡᠯᠲᠦᠭᠰᠡᠨ ᠮᠣᠩᠭᠣᠯ ᠡᠬᠡ ᠶ᠋ᠢᠨ ᠰᠡᠳᠬᠢᠯ
ᠳᠡᠭᠡᠷ᠎ᠡ
ᠨᠡᠭᠦᠳᠡᠯ ᠦ᠋ᠨ ᠦᠷᠭᠦᠭᠡᠨ ᠳ᠋ᠦ᠍ ᠨᠢᠭᠡᠲᠦᠭᠰᠡᠨ ᠮᠣᠩᠭᠣᠯ ᠠᠢᠮᠠᠭ ᠤ᠋ᠨ
ᠬᠣᠯᠪᠣᠭᠠᠨ ᠳᠡᠭᠡᠷ᠎ᠡ
ᠨᠤᠨ ᠪᠡᠶᠡᠯᠡᠭᠡ ᠵᠠᠯᠠᠷᠠᠭᠰᠠᠨ
ᠮᠣᠩᠭᠣᠯ ᠤᠯᠤᠰ ᠤ᠋ᠨ ᠳᠠᠯᠪᠢᠭᠠᠨ ᠳᠡᠭᠡᠷ᠎ᠡ
ᠲᠤᠰᠠᠭᠠᠷ ᠲᠣᠭᠲᠠᠨᠢᠯ ᠴᠢᠮ᠎ᠠ ᠶ᠋ᠢ ᠲᠤᠩᠬᠠᠭᠯᠠᠨ ᠪᠢᠴᠢᠨ᠎ᠡ ᠪᠢ
ᠡᠷᠬᠡ ᠴᠢᠯᠥᠭᠡᠨ ᠦ᠌ ᠵᠠᠷᠯᠢᠭ ᠠᠷᠠᠳ ᠤ᠋ᠨ ᠦᠨᠳᠦᠰᠦᠨ ᠬᠠᠤᠯᠢ ᠳᠡᠭᠡᠷ᠎ᠡ
ᠡᠬᠡ ᠬᠡᠯᠡ ᠰᠣᠶᠣᠯ ᠤ᠋ᠨ ᠢ᠋ᠶ᠋ᠠᠨ ᠠᠳᠠ ᠪᠢᠰᠢ ᠪᠠᠶᠠᠨ ᠰᠠᠩ ᠳᠡᠭᠡᠷ᠎ᠡ
ᠡᠷᠳᠡᠨᠢ ᠶ᠋ᠢᠨ ᠠᠷᠭ᠎ᠠ ᠪᠢᠯᠢᠭ ᠠᠯᠲᠠᠨ ᠰᠣᠶᠣᠩᠪᠣ ᠶ᠋ᠢᠨ ᠭᠠᠴᠢᠯ ᠳᠡᠭᠡᠷ᠎ᠡ
ᠡᠬᠡ ᠨᠤᠲᠤᠭ ᠤ᠋ᠨ ᠢ᠋ᠶ᠋ᠠᠨ ᠰᠢᠷᠣᠢ ᠶ᠋ᠢᠨ ᠠᠶ᠎ᠠ ᠪᠠᠷ ᠢ᠋ᠶ᠋ᠠᠨ ᠰᠣᠯᠢᠬᠤ
ᠰᠢᠷᠬᠡᠭ ᠳᠡᠭᠡᠷ᠎ᠡ
ᠲᠤᠰᠠᠭᠠᠷ ᠲᠣᠭᠲᠠᠨᠢᠯ ᠴᠢᠮ᠎ᠠ ᠶ᠋ᠢ ᠲᠤᠩᠬᠠᠭᠯᠠᠨ ᠪᠢᠴᠢᠨ᠎ᠡ ᠪᠢ
ᠠᠯᠲᠠᠢ ᠶᠡᠬᠡ ᠬᠠᠢᠷᠬᠠᠨ ᠤ᠋ ᠮᠥᠩᠬᠡ ᠴᠠᠭᠠᠨ ᠣᠷᠭᠢᠯ ᠠ᠋ᠴᠠ
ᠠᠪᠤᠷᠭᠤ ᠬᠠᠯᠢᠮᠤ ᠶ᠋ᠢᠨ ᠰᠡᠷᠪᠡᠭᠡ ᠰᠢᠭ ᠪᠠᠭᠤᠷᠢ ᠶ᠋ᠢᠨ ᠮᠥᠩᠭᠥᠨ
ᠳᠣᠯᠭᠢᠶᠠᠨ ᠬᠦᠷᠲᠡᠯ᠎ᠡ
ᠠᠷᠠᠯᠲᠤ ᠲᠡᠷᠭᠡᠨ ᠳ᠋ᠦ᠍ ᠬᠣᠲᠣᠢᠬᠰᠠᠨ ᠮᠣᠩᠭᠣᠯ ᠱᠠᠷ ᠤ᠋ᠨ ᠳᠠᠪᠠᠭᠠᠨ ᠠ᠋ᠴᠠ
ᠠᠯᠲᠠᠨ ᠡᠯᠡᠰᠦ ᠮᠣᠯᠴᠣᠭᠯᠠᠭᠰᠠᠨ ᠣᠪᠣᠭᠠᠨ ᠢᠩᠭᠢᠨ ᠦ᠌ ᠤᠰᠤ ᠬᠦᠷᠲᠡᠯ᠎ᠡ
ᠡᠨᠡ ᠨᠠᠰᠤᠨ ᠳ᠋ᠤ᠌ ᠭᠠᠭᠴᠠᠬᠠᠨ ᠵᠠᠶᠠᠭᠠᠬᠤ ᠡᠬᠡ ᠰᠠᠢᠬᠠᠨ ᠣᠷᠣᠨ ᠮᠢᠨᠢ
ᠬᠥᠬᠡ ᠠᠽᠢᠶ᠎ᠠ ᠶ᠋ᠢᠨ ᠴᠡᠭᠡᠵᠢᠨ ᠳᠡᠭᠡᠷ᠎ᠡ ᠢᠷᠡᠵᠦ ᠪᠤᠴᠠᠬᠤ ᠶ᠋ᠢᠨ
ᠤᠴᠢᠷ
ᠬᠥᠮᠦᠨ ᠦ᠌ ᠠᠯᠲᠠᠨ ᠵᠠᠶᠠᠭ᠎ᠠ ᠡᠨᠳᠡ ᠪᠠᠢᠬᠤ ᠶ᠋ᠢᠨ ᠤᠴᠢᠷ
ᠳᠤᠷᠠᠢᠮᠠ ᠲᠠᠮᠠᠭ᠎ᠠ ᠲᠠᠢ ᠬᠥᠷᠥᠰᠥᠨ ᠳᠡᠭᠡᠷ᠎ᠡ
ᠤᠨᠠᠭ᠎ᠠ ᠲᠠᠢ ᠬᠠᠮᠲᠤ ᠲᠡᠩᠴᠡᠨ ᠬᠥᠯ ᠳ᠋ᠦ᠍ ᠣᠷᠣᠬᠤ ᠶ᠋ᠢᠨ ᠤᠴᠢᠷ
ᠲᠤᠩᠭᠠᠯᠠᠭ ᠱᠠᠩᠳᠤ ᠶ᠋ᠢᠨ ᠲᠤᠯᠢᠶ᠎ᠠ ᠶ᠋ᠢ
ᠬᠤᠯᠠᠨ ᠲᠠᠢ ᠬᠠᠮᠲᠤ ᠪᠤᠯᠢᠶᠠᠯᠳᠤᠵᠤ ᠷᠠᠰᠢᠶᠠᠨ ᠠᠮᠰᠠᠬᠤ ᠶ᠋ᠢᠨ ᠤᠴᠢᠷ
ᠪᠢ ᠮᠣᠩᠭᠣᠯ ᠳ᠋ᠠᠭᠠᠨ ᠮᠠᠨᠳᠤᠯᠠᠭᠰᠠᠨ
ᠮᠣᠷᠢ ᠵᠡᠷᠭᠡᠴᠡᠭᠰᠡᠨ ᠨᠠᠭᠠᠳᠤᠮ ᠤ᠋ᠨ ᠳᠤᠷᠳᠤᠩ ᠲᠣᠭᠣᠰᠣ ᠪᠠᠷ ᠨᠢ
ᠳᠡᠪᠡᠯ ᠢ᠋ᠶ᠋ᠡᠨ ᠭᠣᠶᠣᠳᠠᠭ
ᠮᠣᠩᠭᠣᠯ ᠭᠡᠰᠡᠨ ᠵᠢᠷᠭᠤᠭᠠᠨ ᠦᠰᠦᠭ ᠲᠡᠢ ᠪᠤᠷᠬᠠᠨ ᠨᠡᠷ᠎ᠡ ᠪᠡᠷ ᠨᠢ
ᠳᠡᠯᠡᠬᠡᠢ ᠳ᠋ᠦ᠍ ᠭᠤᠶᠤᠳᠠᠭ
ᠪᠢ ᠮᠣᠩᠭᠣᠯ ᠢ᠋ᠶ᠋ᠠᠷ ᠢ᠋ᠶ᠋ᠠᠨ ᠭᠣᠶᠣᠳᠠᠭ
ᠮᠣᠩᠭᠣᠯ ᠭᠡᠳᠡᠭ ᠵᠣᠷᠢᠭᠲᠠᠨ ᠡᠷᠡᠰ ᠨᠢ ᠵᠣᠳᠣᠭ ᠲᠤ᠌ ᠪᠠᠨ ᠴᠢᠩᠭᠠᠷᠠᠴᠤ
᠂ ᠵᠣᠭᠰᠣᠭ᠎ᠠ ᠪᠠᠷ ᠢ᠋ᠶ᠋ᠠᠨ ᠨᠥᠭᠴᠢᠲᠡᠭ᠋
ᠵᠣᠷᠢᠮᠠᠭ ᠰᠠᠢᠬᠠᠨ ᠡᠬᠡ ᠣᠷᠣᠨ
ᠮᠣᠩᠭᠣᠯ ᠭᠡᠳᠡᠭ ᠰᠠᠷᠠᠨ ᠭᠤᠸ᠋᠎ᠠ ᠰᠠᠭᠠᠯᠢᠴᠢᠨ ᠥᠬᠢᠳ ᠨᠢ
ᠰᠠᠯᠬᠢᠨ ᠳ᠋ᠤ᠌ ᠪᠣᠷᠣᠯᠠᠭᠰᠠᠨ ᠰᠠᠢᠬᠠᠨ ᠡᠬᠡ ᠣᠷᠣᠨ
ᠮᠣᠩᠭᠣᠯ ᠭᠡᠳᠡᠭ ᠲᠩᠷᠢ ᠨᠢ ᠴᠡᠯᠮᠡᠭ ᠂ ᠲᠠᠭᠰᠢ ᠲᠠᠯ᠎ᠠ ᠨᠢ ᠴᠡᠯᠭᠡᠷ
᠂ ᠲᠡᠨᠳᠡ ᠰᠠᠭᠤᠭᠴᠢᠳ ᠨᠢ ᠴᠡᠮᠴᠡᠭᠡᠷ
ᠲᠢᠪ ᠳᠡᠯᠡᠬᠡᠢ ᠳ᠋ᠦ᠍ ᠬᠣᠣᠰ ᠦᠭᠡᠢ ᠲᠡᠢᠮᠦ ᠯᠡ ᠰᠠᠢᠬᠠᠨ ᠡᠬᠡ ᠣᠷᠣᠨ
ᠰᠦᠯᠳᠡᠲᠦ ᠪᠠᠭᠠᠨ᠎ᠠ ᠶ᠋ᠢᠨ ᠳᠡᠷᠭᠡᠳᠡᠬᠢ ᠰᠢᠷᠬᠡᠭ ᠴᠢᠯᠠᠭᠤᠨ ᠠ᠋ᠴᠠ
ᠰᠦᠬᠡᠪᠠᠭᠠᠲᠤᠷ ᠤ᠋ᠨ ᠲᠠᠯᠠᠪᠠᠢ ᠬᠦᠷᠲᠡᠯ᠎ᠡ
ᠡᠬᠡ ᠣᠷᠣᠨ ᠮᠢᠨᠢ ᠪᠣᠢ
ᠰᠠᠶ᠎ᠠ ᠠᠷᠠᠳ ᠤ᠋ᠨ ᠰᠡᠳᠬᠢᠯ ᠳ᠋ᠦ᠍ ᠰᠢᠩᠭᠡᠭᠰᠡᠨ ᠰᠦᠬᠡ ᠶ᠋ᠢᠨ ᠡᠨᠡ
ᠲᠠᠯᠠᠪᠠᠢ ᠠ᠋ᠴᠠ ᠰᠠᠢᠨ ᠰᠢᠷᠬᠡᠭ ᠴᠢᠯᠠᠭᠤ ᠬᠦᠷᠲᠡᠯ᠎ᠡ
ᠡᠩᠬᠦᠷᠡᠢ ᠨᠤᠲᠤᠭ ᠮᠢᠨᠢ ᠪᠣᠢ
ᠬᠡᠨᠲᠡᠢ ᠬᠠᠩᠭᠠᠢ ᠰᠠᠢᠨ ᠤ᠋ ᠥᠨᠳᠥᠷ ᠰᠠᠢᠬᠠᠨ ᠨᠢᠷᠤᠭᠤ ᠨᠤᠭᠤᠳ
ᠬᠣᠢᠲᠤ ᠵᠦᠭ ᠦ᠋ᠨ ᠴᠢᠮᠡᠭ ᠪᠣᠯᠤᠭᠰᠠᠨ ᠣᠢ ᠶ᠋ᠢᠨ ᠬᠥᠪᠴᠢ ᠶ᠋ᠢᠨ ᠠᠭᠤᠯᠠ
ᠨᠤᠭᠤᠳ
ᠮᠠᠨᠠᠩ ᠰᠢᠷᠭᠠᠯ ᠨᠣᠮᠢᠨ ᠤ᠋ ᠥᠷᠭᠡᠨ ᠶᠡᠬᠡ ᠭᠣᠪᠢ ᠦ᠋ᠳ
ᠡᠮᠦᠨ᠎ᠡ ᠵᠦᠭ ᠦ᠋ᠨ ᠮᠠᠩᠯᠠᠢ ᠪᠣᠯᠤᠭᠰᠠᠨ ᠡᠯᠡᠰᠦᠨ ᠮᠠᠩᠬᠠᠨ ᠳᠠᠯᠠᠢ
ᠨᠤᠭᠤᠳ
ᠡᠨᠡ ᠪᠣᠯ ᠮᠢᠨᠦ ᠲᠥᠷᠥᠭᠰᠡᠨ ᠨᠤᠲᠤᠭ ᠮᠣᠩᠭᠣᠯ ᠤ᠋ᠨ ᠰᠠᠢᠬᠠᠨ ᠣᠷᠣᠨ
ᠮᠣᠩᠭᠣᠯ ᠭᠡᠮᠡᠨ ᠨᠢᠭᠡᠨ ᠨᠡᠷ᠎ᠡ ᠶᠢᠷᠲᠢᠨᠴᠦ ᠶ᠋ᠢᠨ ᠴᠢᠬᠢᠨ᠎ᠡ ᠳᠠᠭᠤᠷᠢᠰᠬᠠᠯᠲᠠᠢ
ᠮᠣᠩᠭᠣᠯ ᠤ᠋ᠨ ᠲᠥᠯᠥᠭᠡ ᠭᠡᠬᠦ ᠰᠡᠳᠬᠢᠯ ᠪᠢᠳᠡᠨ ᠦ᠌ ᠵᠢᠷᠦᠬᠡᠨ ᠳ᠋ᠦ᠍
ᠬᠣᠯᠪᠣᠭᠠᠲᠠᠢ
ᠥᠰᠬᠦ ᠡᠴᠡ ᠰᠤᠷᠤᠭᠰᠠᠨ ᠦᠨᠳᠦᠰᠦᠲᠡᠨ ᠦ᠌ ᠬᠡᠯᠡ ᠮᠠᠷᠲᠠᠵᠤ ᠪᠣᠯᠣᠰᠢ
ᠦᠭᠡᠢ ᠰᠣᠶᠣᠯ
ᠦᠬᠦᠲᠡᠯ᠎ᠡ ᠣᠷᠣᠰᠢᠬᠤ ᠲᠥᠷᠥᠯᠬᠢ ᠨᠤᠲᠤᠭ ᠰᠠᠯᠵᠤ ᠪᠣᠯᠣᠰᠢ ᠦᠭᠡᠢ ᠣᠷᠣᠨ
ᠡᠨᠡ ᠪᠣᠯ ᠮᠢᠨᠦ ᠲᠥᠷᠥᠭᠰᠡᠨ ᠨᠤᠲᠤᠭ ᠮᠣᠩᠭᠣᠯ ᠤ᠋ᠨ ᠰᠠᠢᠬᠠᠨ ᠣᠷᠣᠨ
ᠦᠰᠦᠭ ᠠᠮᠢᠯᠠᠭᠤᠯᠤᠭᠴᠢ ᠄ ᠬᠠᠰᠴᠢᠮᠡᠭ
ᠬᠢᠨᠠᠭᠴᠢ ᠪᠠᠭᠰᠢ ᠄ ᠪᠠᠶᠠᠷᠴᠡᠴᠡᠭ᠂ ᠣᠤᠠᠬᠠᠨᠰᠸ᠋ᠠ
