ᠠᠮᠢᠨ ᠵᠢᠷᠦᠬᠡᠨ ᠦ ᠳᠠᠭᠤᠯᠠᠯ- ᠠᠨᠠᠷАмин зүрхний дуулал-анар
ᠠᠮᠢᠨ ᠵᠢᠷᠦᠬᠡᠨ ᠦ ᠳᠠᠭᠤᠯᠠᠯ
ᠦᠭᠡ ᠄ ᠵ · ᠭᠠᠩᠴᠢᠮᠡᠭ
ᠠᠶ᠎ᠠ ᠄ ᠪ · ᠮᠠᠭᠰᠤᠷᠵᠠᠪ
ᠬᠥᠭᠵᠢᠮ ᠦᠨ ᠨᠠᠶ᠋ᠢᠷᠠᠭᠤᠯᠭ᠎ᠠ ᠄ ᠫ · ᠰᠥᠬᠡᠳᠠᠮᠪᠠ
ᠠᠨᠠᠷ ᠳᠠᠭᠤᠯᠠᠨ᠎ᠠ
ᠣᠷᠣᠭ᠎ᠠ ᠪᠣᠰᠬᠠᠬ᠋ᠠ ᠬᠥᠮᠦᠨ ᠦ ᠣᠷᠴᠢᠯᠠᠩ ᠳᠤ
ᠣᠯᠵᠤ ᠨᠠᠮ᠎ᠠ ᠶ᠋ᠢ ᠪᠡᠨ ᠲᠠᠨᠢᠬᠰᠠᠨ ᠴᠢ ᠮᠢᠨᠢ
ᠣᠭᠣᠰᠣᠷ ᠪᠦᠴᠡ ᠦᠭᠡᠢ ᠴᠠᠭᠠᠨ ᠥᠷᠭᠥᠭᠡᠨ ᠦ
ᠣᠨᠢᠰᠣ ᠶ᠋ᠢ ᠨᠢ ᠲᠠᠭᠠᠷᠠᠭᠤᠯᠤᠭᠰᠠᠨ ᠬᠠᠨᠢ ᠮᠢᠨᠢ ᠪᠢᠯᠡ
ᠬᠠᠶ᠋ᠢᠷ᠎ᠠ ᠶ᠋ᠢᠨ ᠬᠡᠰᠢᠭ ᠬᠥᠭᠡᠷᠦᠬᠦᠨ ᠦᠷᠡᠰ ᠢᠶ᠋ᠡᠨ
ᠬᠠᠮᠲᠤ ᠳᠤ ᠪᠠᠨ ᠪᠦᠪᠡᠶ᠋ᠢᠯᠡᠭᠰᠡᠨ ᠬᠣᠣᠰ ᠵᠢᠷᠦᠬᠡ ᠮᠢᠨᠢ
ᠬᠠᠮᠤᠭ ᠠ᠋ᠴᠠ ᠬᠠᠯᠠᠭᠤᠨ ᠭᠡᠭᠡᠬᠡᠨ ᠬᠠᠶ᠋ᠢᠷᠠᠨ ᠳᠤ ᠪᠠᠨ
ᠬᠠᠷᠠᠮ ᠦᠭᠡᠢ ᠡᠩᠬᠦᠷᠡᠶ᠋ᠢᠯᠡᠭᠰᠡᠨ ᠬᠠᠶ᠋ᠢᠷ᠎ᠠ ᠪᠢᠯᠡ
ᠴᠢ ᠮᠢᠨᠢ ᠮᠢᠨᠦᠬᠢ ᠪᠢᠯᠡ
ᠪᠢ ᠴᠢᠨᠢ ᠴᠢᠨᠦᠬᠢ ᠪᠢᠯᠡ
ᠠᠷᠭ᠎ᠠ ᠪᠢᠯᠢᠭ ᠦᠨ ᠬᠣᠣᠰ ᠪᠠᠭᠠᠨ᠎ᠠ ᠶ᠋ᠢ
ᠠᠮᠢᠨ ᠵᠢᠷᠦᠬᠡᠨ ᠡᠴᠡ ᠪᠡᠨ ᠲᠠᠮᠠᠭᠠᠯᠠᠶᠠ ᠬᠣᠶᠠᠭᠤᠯᠠ
ᠪᠦᠲᠦᠨ ᠵᠠᠶᠠᠭ᠎ᠠ ᠪᠠᠨ ᠪᠥᠭᠡᠯᠡᠵᠦ ᠠᠮᠢᠳᠤᠷᠠᠬᠤ ᠳᠤ ᠪᠠᠨ
ᠪᠦᠳᠦᠷᠢᠭᠰᠡᠨ ᠴᠤ᠌ ᠪᠣᠰᠤᠭᠰᠠᠨ ᠴᠤ᠌ ᠬᠠᠮᠲᠤ ᠳᠤ ᠪᠠᠨ ᠲᠦᠰᠢᠭ
ᠮᠢᠨᠢ
ᠪᠦᠬᠦᠶ᠋ᠢᠯᠡ ᠠᠮᠢᠳᠤᠷᠠᠯ ᠢᠶ᠋ᠠᠨ ᠲᠡᠭᠰᠢᠯᠡᠵᠦ ᠵᠢᠳᠬᠦᠬᠦ ᠳᠦ
ᠪᠡᠨ
ᠪᠦᠲᠦᠨ᠎ᠡ ᠳ᠋ᠠ ᠪᠣᠯᠤᠨ᠎ᠠ ᠳ᠋ᠠ ᠭᠡᠰᠡᠨ ᠰᠡᠳᠬᠢᠯ ᠪᠢᠯᠡ
ᠡᠷᠢᠶᠡᠨ ᠲᠡᠢ ᠪᠠᠷᠠᠭᠠᠨ ᠲᠠᠢ ᠡᠨᠡ ᠯᠡ ᠬᠣᠷᠸ᠋᠎ᠠ ᠶ᠋ᠢ
ᠡᠨᠡᠷᠢᠵᠦ ᠬᠤᠷᠤᠶ᠋ᠢᠯᠠᠭᠰᠠᠨ ᠡᠬᠡ ᠶ᠋ᠢᠨ ᠰᠦ᠋ ᠮᠢᠨᠢ
ᠲᠤᠭᠤᠯᠬᠤ ᠠᠮᠢᠳᠤᠷᠠᠯ ᠤᠨ ᠠᠯᠤᠰ ᠬᠣᠯᠠ ᠳᠤ ᠪᠠᠨ
ᠲᠤᠯᠭᠠᠨ ᠳᠤ ᠪᠠᠨ ᠭᠠᠯ ᠲᠠᠢ ᠭᠣᠯᠣᠮᠲᠠ ᠪᠢᠯᠡ
ᠴᠢ ᠮᠢᠨᠢ ᠮᠢᠨᠦᠬᠢ ᠪᠢᠯᠡ
ᠪᠢ ᠴᠢᠨᠢ ᠴᠢᠨᠦᠬᠢ ᠪᠢᠯᠡ
ᠠᠷᠭ᠎ᠠ ᠪᠢᠯᠢᠭ ᠦᠨ ᠬᠣᠣᠰ ᠪᠠᠭᠠᠨ᠎ᠠ ᠶ᠋ᠢ
ᠠᠮᠢᠨ ᠵᠢᠷᠦᠬᠡᠨ ᠡᠴᠡ ᠪᠡᠨ ᠲᠠᠮᠠᠭᠠᠯᠠᠶᠠ ᠬᠣᠶᠠᠭᠤᠯᠠ
ᠴᠢ ᠮᠢᠨᠢ ᠮᠢᠨᠦᠬᠢ ᠪᠢᠯᠡ
ᠪᠢ ᠴᠢᠨᠢ ᠴᠢᠨᠦᠬᠢ ᠪᠢᠯᠡ
ᠠᠷᠭ᠎ᠠ ᠪᠢᠯᠢᠭ ᠦᠨ ᠬᠣᠣᠰ ᠪᠠᠭᠠᠨ᠎ᠠ ᠶ᠋ᠢ
ᠠᠮᠢᠨ ᠵᠢᠷᠦᠬᠡᠨ ᠡᠴᠡ ᠪᠡᠨ ᠲᠠᠮᠠᠭᠠᠯᠠᠶᠠ ᠬᠣᠶᠠᠭᠤᠯᠠ
ᠠᠷᠭ᠎ᠠ ᠪᠢᠯᠢᠭ ᠦᠨ ᠬᠣᠣᠰ ᠪᠠᠭᠠᠨ᠎ᠠ ᠶ᠋ᠢ
ᠠᠮᠢᠨ ᠵᠢᠷᠦᠬᠡᠨ ᠡᠴᠡ ᠪᠡᠨ ᠲᠠᠮᠠᠭᠠᠯᠠᠶᠠ ᠬᠣᠶᠠᠭᠤᠯᠠ
