ᠰᠠᠷᠠ ᠮᠠᠨᠲᠤᠲᠠᠭ – ᠭᠦᠷᠵᠠᠪ Сар манддаг  –  Гүржав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠷᠠ ᠮᠠᠨᠲᠤᠲᠠᠭ – ᠭᠦᠷᠵᠠᠪ Сар манддаг  –  Гүржав

ᠰᠠᠷᠠ ᠮᠠᠨᠲᠤᠲᠠᠭ – ᠭᠦᠷᠵᠠᠪ Сар манддаг  –  Гүржав

2023-03-05

274

ᠰᠠᠷᠠ ᠮᠠᠨᠲᠤᠲᠠᠭ


             ᠭᠦᠷᠵᠡᠪ

 ᠰᠠᠨᠰᠠᠷ ᠶᠡᠬᠡ ᠲᠩᠷᠢ ᠶ᠋ᠢᠨ ᠶ᠋ᠢᠡᠨ 
 ᠰᠠᠷᠠᠭᠤᠯᠬᠠᠨ ᠡᠯᠢᠭᠡ ᠶ᠋ᠢ ᠡᠯᠢᠭᠡᠲᠡᠵᠦ 
 ᠰᠠᠪᠠ ᠠᠭᠤᠲᠠᠮ ᠣᠷᠴᠢᠯᠠᠩ ᠦ᠋ᠨ ᠶ᠋ᠢᠠᠨ
 ᠰᠠᠶ᠋ᠢᠬᠠᠨ ᠪᠠᠷ᠎ᠠ ᠶ᠋ᠢ ᠰᠢᠷᠲᠡᠵᠦ
         ᠰᠠᠷᠠ ᠮᠠᠨᠲᠤᠲᠠᠭ 
 ᠰᠠᠶᠢᠬᠠᠨ ᠬᠣᠲᠠ ᠳ᠋ᠠᠭᠠᠨ ᠪᠤᠴᠠᠭᠰᠠᠨ 
 ᠬᠣᠨᠢᠳ ᠦ᠋ᠨ ᠮᠢᠨᠢ ᠲᠣᠯᠣᠭᠠᠢ ᠶ᠋ᠢ ᠢᠯᠪᠢᠵᠦ
 ᠰᠠᠶ᠋ᠢᠨ ᠰᠤᠷᠤᠯᠴᠠᠭᠠᠳ ᠢᠷᠡᠭᠰᠡᠨ
 ᠳᠡᠭᠦᠦ ᠶ᠋ᠢᠨ ᠮᠢᠨᠢ ᠬᠠᠴᠠᠷ ᠊ᠢ ᠥᠨᠥᠰᠴᠦ
        ᠰᠠᠷᠠ ᠮᠠᠨᠲᠤᠲᠠᠭ  
 ᠰᠠᠭᠠᠯᠢ ᠶ᠋ᠢᠨ ᠮᠥᠩᠭᠥᠨ ᠰᠠᠭᠤᠯᠠᠭᠠᠨ  ᠳᠤ ᠮᠢᠨᠢ
 ᠰᠠᠴᠤᠷᠠᠮᠠᠯ ᠭᠡᠭᠡ ᠪᠡᠨ ᠲᠤᠰᠬᠠᠵᠤ
 ᠰᠠᠨᠴᠢᠬ ᠪᠤᠭᠤᠷᠤᠯ ᠡᠮᠡᠭᠡ ᠶ᠋ᠢᠨ ᠮᠢᠨᠢ
 ᠬᠦᠲᠡᠯᠮᠦᠷᠢ ᠪᠦᠲᠦᠭᠡᠯ ᠊ᠢ ᠱᠠᠭᠰᠢᠵᠤ
           ᠰᠠᠷᠠ ᠮᠠᠨᠲᠤᠲᠠᠭ 
 ᠰᠠᠨᠠᠬ᠋᠎ᠠ ᠪᠠᠷ ᠶ᠋ᠢᠠᠨ ᠠᠭᠠᠰᠢᠯᠠᠲᠠᠭ ᠬᠡᠦᠬᠡᠳ ᠦ᠋ᠳ ᠦ᠋ᠨ 
 ᠰᠠᠬᠢᠯᠬ᠋᠎ᠠ ᠦᠭᠡᠢ ᠰᠤᠷᠲᠠᠯ ᠊ᠢ ᠰᠢᠭᠦᠮᠵᠢᠯᠡᠵᠦ
 ᠰᠠᠯᠠᠬ᠋᠎ᠠ ᠪᠠᠷ ᠶ᠋ᠢᠠᠨ ᠬᠣᠯᠪᠤᠯᠲᠤᠭᠰᠠᠨ ᠮᠣᠲᠣᠳ ᠦ᠋ᠨ
 ᠰᠠᠭᠠᠷᠠᠰᠢ ᠦᠭᠡᠢ ᠪᠠᠷᠢᠯᠲᠤᠯᠬ᠋᠎ᠠ ᠶ᠋ᠢ ᠮᠠᠭᠲᠠᠵᠤ
           ᠰᠠᠷᠠ ᠮᠠᠨᠲᠤᠲᠠᠭ 
 ᠰᠠᠷᠠᠭᠠᠲᠤ ᠶ᠋ᠢᠨ  ᠥᠨᠲᠥᠷ ᠬᠥᠲᠥᠯ ᠦ᠋ᠨ
 ᠰᠠᠯᠬᠢᠨ ᠪ ᠠᠶᠠᠰ ᠲᠤ ᠳᠣᠭᠲᠣᠯᠵᠤ
 ᠬᠠᠷᠠᠭᠠᠲᠤ ᠶ᠋ᠢᠨ ᠥᠷᠭᠡᠨ ᠬᠥᠨᠲᠡᠢ ᠶ᠋ᠢᠨ
 ᠠᠬᠢ ᠶ᠋ᠢᠨ ᠦᠨᠦᠷ ᠲᠦ ᠰᠣᠭᠲᠤᠭᠤᠷᠠᠵᠤ
           ᠰᠠᠷᠠ ᠮᠠᠨᠲᠤᠲᠠᠭ ᠁

ᠢᠷᠡᠯᠲᠡ – ᠬᠡᠤᠭᠡᠳ ᠨᠠᠰᠤ ᠰᠠᠶ᠋ᠢᠬᠠᠨ
        ᠭᠦᠷᠵᠠᠪ ᠵᠣᠬᠢᠶᠠᠪᠠ
          ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠪᠡ
          ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
          ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
         2004 ᠣᠨ ᠪ 9 ᠰᠠᠷ᠎ᠠ  ᠳᠦ ᠠᠩᠬᠠᠲᠤᠭᠠᠷ ᠬᠡᠪ ᠊ᠢ ᠬᠢᠪᠡ
         2004 ᠣᠨ ᠪ 9 ᠰᠠᠷ᠎ᠠ  ᠳᠦ ᠠᠩᠬ᠎ᠠ ᠤᠲᠠᠬ᠋᠎ᠠ ᠬᠡᠪᠯᠡᠪᠡ

        ᠦᠰᠦᠭ ᠠᠮᠢᠯᠠᠭᠤᠯᠤᠭᠴᠢ ᠄  ᠤᠷᠠᠨᠴᠡᠴᠡᠭ
         ᠬᠢᠨᠠᠭᠴᠢ ᠄ ᠪᠠᠶᠠᠷᠴᠡᠴᠡᠭ  ᠪᠠᠭᠰᠢ
               2023 ᠣᠨ ᠪ 3 ᠰᠠᠷ᠎ᠠ ᠶ᠋ᠢᠨ 3 ᠪ ᠡᠲᠦᠷ