ᠲᠡᠨᠴᠢᠭᠦᠷᠡᠯ – ᠭ ᠂ ᠴᠢᠩᠪᠠᠭᠠᠲᠤᠷ Тэнчүүрэл – Г ᠂ Чинбаатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠡᠨᠴᠢᠭᠦᠷᠡᠯ – ᠭ ᠂ ᠴᠢᠩᠪᠠᠭᠠᠲᠤᠷ Тэнчүүрэл – Г ᠂ Чинбаатар

ᠲᠡᠨᠴᠢᠭᠦᠷᠡᠯ – ᠭ ᠂ ᠴᠢᠩᠪᠠᠭᠠᠲᠤᠷ Тэнчүүрэл – Г ᠂ Чинбаатар

2023-03-05

267

ᠲᠡᠨᠴᠢᠭᠦᠷᠡᠯ


               ᠭ ᠂ ᠴᠢᠩᠪᠠᠭᠠᠲᠤᠷ 

 ᠳᠠᠯᠠᠨ ᠬᠠᠷ᠎ᠠ ᠰᠢᠭ᠋ ᠶ᠋ᠢᠡᠨ ᠪᠢ ᠳᠤᠭᠤᠢ ᠪᠠᠶ᠋ᠢᠬᠤ ᠠ᠋ᠴᠠ ᠥᠭᠡᠷ᠎ᠡ ᠶᠠᠭᠠᠬᠢᠬᠤ ᠪᠣᠢ
 ᠳᠠᠩᠴᠤ ᠯᠡ ᠬᠠᠶ᠋ᠢᠷ᠎ᠠ ᠶ᠋ᠢᠨ ᠦᠭᠡ ᠪᠡᠨ ᠮᠠᠷᠲᠠᠵᠤ ᠶᠠᠪᠤᠬᠤ ᠠ᠋ᠴᠠ ᠣᠨᠳᠣᠣ ᠶᠠᠭᠠᠬᠢᠬᠤ ᠪᠣᠢ
 ᠲᠠᠶ᠋ᠢᠪᠤᠩ ᠵᠢᠷᠦᠬᠡᠨ ᠪ ᠮᠢᠨᠢ ᠰᠢᠷᠬᠠᠨ ᠳᠡᠭᠡᠭᠦᠷ ᠨᠢᠯᠪᠤᠰᠤ ᠳᠤᠰᠤᠯᠠᠭᠤᠯᠤᠨ ᠬᠤᠯᠠᠲᠤᠭᠰᠠᠨ
 ᠳᠠᠬᠢᠵᠤ ᠢᠷᠡᠬᠦ ᠦᠭᠡᠢ ᠡᠳᠦᠷ ᠦ᠋ᠳ  ᠊ᠢ ᠮᠥᠷᠥᠭᠡᠳᠴᠦ ᠬᠠᠷᠠᠭᠤᠰᠠᠬᠤ ᠠ᠋ᠴᠠ ᠥᠭᠡᠷ᠎ᠡ ᠶᠠᠭᠠᠬᠢᠬᠤ ᠪᠣᠢ
 ᠡᠩᠭᠡᠷ ᠦ᠋ᠨ ᠴᠡᠴᠡᠭᠡᠰ ᠂ ᠪᠠᠯ ᠦ᠋ᠨ ᠴᠢᠯᠠᠭᠤᠳ ᠵᠢᠯ ᠦ᠋ᠨ ᠵᠢᠯ ᠬᠡᠪ ᠶ᠋ᠢᠡᠷ ᠡᠨᠲᠡᠯ᠎ᠠ
 ᠡᠭᠡᠭᠡ ᠲᠡᠷᠡ ᠂  ᠡᠭᠡᠭᠡ ᠲᠡᠷᠡ ᠬᠥᠮᠦᠨ ᠪ ᠰᠡᠳᠬᠢᠯ ᠯᠡ ᠡᠳᠦᠷ ᠦ᠋ᠨ ᠡᠳᠦᠷ ᠎ᠲᠦ᠍ ᠣᠨᠳᠣᠣ
 ᠡᠷᠭᠢᠵᠦ ᠣᠯᠳᠠᠬᠤ ᠦᠭᠡᠢ ᠪᠦᠬᠦᠨ ᠪ ᠬᠣᠶ᠋ᠢᠨ᠎ᠠ ᠠ᠋ᠴᠠ ᠬᠠᠪᠤᠷ ᠦ᠋ᠨ ᠰᠠᠯᠬᠢ ᠰᠢᠭ᠋ ᠰᠡᠭᠦᠷᠡᠰᠦᠯᠡᠪᠡᠴᠦ 
 ᠡᠨᠳᠡ ᠪᠡᠨ ᠪᠢ ᠂ ᠡᠨᠳᠡ ᠪᠡᠨ ᠪᠢ ᠳᠠᠭᠤᠯᠠᠵᠤ ᠯᠠ ᠭᠡᠶᠦᠷᠡᠬᠦ ᠡᠴᠡ ᠥᠭᠡᠷ᠎ᠡ ᠶᠠᠭᠠᠬᠢᠬᠤ ᠪᠣᠢ
 ᠬᠠᠶ᠋ᠢᠷᠠᠯᠠᠨ ᠬᠠᠶ᠋ᠢᠷᠠᠯᠠᠵᠤ ᠂ ᠲᠡᠮᠡᠦᠯᠦᠨ ᠲᠡᠮᠡᠦᠯᠵᠦ ᠂   ᠭᠤᠮᠤᠲᠠᠭᠠᠨ ᠭᠤᠮᠤᠲᠠᠭᠠᠵᠤ
 ᠬᠠᠶ᠋ᠢᠯᠠᠨ ᠤᠬᠢᠯᠠᠵᠤ ᠂ ᠬᠠᠷᠠᠮᠰᠠᠨ ᠭᠤᠨᠢᠪᠠᠴᠦ ᠬᠠᠭᠠᠴᠠᠯ  ᠮᠥᠨ  ᠬᠥᠢᠲᠡᠮᠰᠦᠭ
 ᠬᠠᠪᠤᠷ ᠦ᠋ᠨ ᠲᠥᠯᠥᠭᠡ ᠰᠢᠪᠠᠭᠤᠳ ᠪᠦᠭᠦᠨ ᠪᠤᠴᠠᠨ ᠢᠷᠡᠬᠦ  ᠪᠦᠭᠡᠲᠡᠯ᠎ᠠ
 ᠬᠠᠶᠠᠭᠠᠨ ᠎ᠳ᠋ᠤ᠌ ᠮᠢᠨᠢ ᠬᠠᠶᠠᠭᠰᠠᠨ ᠵᠠᠯᠠᠭᠤ ᠨᠠᠰᠤᠨ ᠪ ᠡᠳᠦᠷ  ᠦ᠋ᠳ ᠬᠥᠭᠡᠷᠦᠬᠦᠢ
 ᠲᠠᠴᠢᠷᠬᠠᠨ ᠲᠠᠯ᠎ᠠ ᠰᠢᠭ᠋ ᠶ᠋ᠢᠡᠨ ᠪᠢ ᠳᠤᠭᠤᠢ ᠪᠠᠶ᠋ᠢᠬᠤ ᠠ᠋ᠴᠠ ᠥᠭᠡᠷ᠎ᠡ  ᠶᠠᠭᠠᠬᠢᠬᠤ ᠪᠣᠢ
 ᠳᠠᠩᠴᠤ ᠯᠡ ᠭᠠᠰᠢᠭᠤᠨ ᠪᠦᠬᠦᠨ  ᠊ᠢ ᠪᠠᠭᠲᠠᠭᠠᠵᠤ ᠪᠠᠶ᠋ᠢᠬᠤ ᠠ᠋ᠴᠠ ᠣᠨᠳᠣᠣ ᠶᠠᠭᠠᠬᠢᠬᠤ ᠪᠣᠢ
 ᠲᠠᠩᠬᠢᠯ ᠪᠢᠴᠢᠬᠠᠨ ᠡᠪᠡᠰᠦ ᠰᠢᠭ᠌ ᠳᠥᠷᠪᠡᠨ ᠤᠯᠠᠷᠢᠯ ᠊ᠢ ᠲᠤᠭᠤᠯᠤᠨ ᠰᠡᠷᠪᠡᠯᠵᠡᠵᠦ
 ᠲᠠᠬᠢᠨ ᠴᠡᠴᠡᠭᠯᠡᠵᠦ  ᠂  ᠲᠠᠬᠢᠨ ᠵᠤᠯᠭᠠᠷᠠᠬᠤ ᠠ᠋ᠴᠠ ᠥᠭᠡᠷ᠎ᠡ ᠶᠠᠭᠠᠬᠢᠬᠤ ᠪᠣᠢ

     ᠦᠰᠦᠭ  ᠠᠮᠢᠯᠠᠭᠤᠯᠤᠭᠴᠢ ᠄ ᠨᠠᠪᠴᠢ
         ᠬᠢᠨᠠᠭᠴᠢ ᠄ ᠪᠠᠯᠵᠢ ᠪᠠᠭᠰᠢ