ᠴᠡᠷᠢᠭ ᠡᠷ᠎ᠡ ᠶ᠋ᠢᠨ ᠭᠡᠷᠭᠡᠢ ᠶ᠋ᠢᠨ ᠳᠠᠭᠤᠤ- ᠪᠠᠶᠠᠰᠬᠤᠯᠠᠩ ᠂ ᠨᠠᠷᠠᠰᠠᠷᠠЦариг эрийн гэргийн дуу-баясгалан , нэрсээр ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠡᠷᠢᠭ ᠡᠷ᠎ᠡ ᠶ᠋ᠢᠨ ᠭᠡᠷᠭᠡᠢ ᠶ᠋ᠢᠨ ᠳᠠᠭᠤᠤ- ᠪᠠᠶᠠᠰᠬᠤᠯᠠᠩ ᠂ ᠨᠠᠷᠠᠰᠠᠷᠠЦариг эрийн гэргийн дуу-баясгалан , нэрсээр

ᠴᠡᠷᠢᠭ ᠡᠷ᠎ᠡ ᠶ᠋ᠢᠨ ᠭᠡᠷᠭᠡᠢ ᠶ᠋ᠢᠨ ᠳᠠᠭᠤᠤ- ᠪᠠᠶᠠᠰᠬᠤᠯᠠᠩ ᠂ ᠨᠠᠷᠠᠰᠠᠷᠠЦариг эрийн гэргийн дуу-баясгалан , нэрсээр

ᠠᠩᠭᠢᠯᠠᠯ:ᠳᠠᠭᠤᠤ ᠬᠥᠭᠵᠢᠮ
2023-03-04

362

ᠴᠡᠷᠢᠭ ᠡᠷ᠎ᠡ ᠶ᠋ᠢᠨ ᠭᠡᠷᠭᠡᠢ ᠶ᠋ᠢᠨ ᠳᠠᠭᠤ

   ᠦᠭᠡ ᠄ ᠯ · ᠲᠠᠪᠠᠭᠳᠣᠷᠵᠢ
   ᠠᠶ᠎ᠠ ᠄  · ᠪᠠᠲᠤᠴᠢᠯᠠᠭᠤᠨ
   ᠪᠠᠶᠠᠰᠬᠤᠯᠠᠩ ᠂ ᠨᠠᠷᠠᠰᠠᠷᠠ ᠳᠠᠭᠤᠯᠠᠨ᠎ᠠ

ᠰᠢᠤᠳᠠᠨ ᠬᠦᠷᠭᠡᠭᠴᠢ ᠎ᠶ᠋ᠢ ᠲᠣᠰᠣᠨ ᠭᠦᠶᠦᠭᠡᠳ
ᠰᠢᠨᠡᠬᠡᠨ ᠵᠠᠬᠢᠳᠠᠯ ᠊ᠢ ᠮᠢᠨᠢ ᠠᠪᠴᠤ ᠪᠠᠶ᠋ᠢᠨ᠎ᠠ ‍ᠤᠤ
ᠴᠡᠷᠢᠭ ᠬᠣᠪᠴᠠᠰᠤ ᠲᠠᠢ ᠵᠢᠷᠤᠭ ᠎᠊ᠢ ᠮᠢᠨᠢ ᠡᠪᠦᠷᠲᠦᠯᠡᠭᠡᠳ
ᠰᠠᠭᠠᠯᠢ ᠶ᠋ᠢᠨ ᠶ᠋ᠢᠡᠨ ᠵᠡᠯ᠎ᠡ ᠤᠷᠤᠭᠤ ᠭᠤᠩᠬᠠᠵᠤ ᠶᠠᠪᠤᠨ᠎ᠠ ‍ᠤᠤ ᠬᠦ᠋
ᠰᠠᠶ᠋ᠢᠬᠠᠨ ᠴᠢᠮ᠎ᠠ ᠶ᠋ᠢ ᠪᠠᠨ ᠰᠠᠨᠠᠵᠤ ᠶᠠᠪᠤᠭ᠎ᠠ
ᠴᠡᠷᠢᠭ ᠮᠢᠨᠦ ᠵᠢᠷᠭᠠᠯ ᠶᠤᠮ ‍ᠤᠤ ᠳ᠋ᠠ

ᠰᠢᠤᠳᠠᠨ ᠶ᠋ᠢᠠᠷ ᠢᠯᠡᠭᠡᠭᠰᠡᠨ ᠰᠢᠨᠡᠬᠡᠨ ᠵᠠᠬᠢᠳᠠᠯ ᠊ᠢ ᠴᠢᠨᠢ
ᠰᠡᠳᠬᠢᠯ ᠳᠣᠭᠳᠣᠯᠤᠨ ᠤᠩᠰᠢᠵᠤ ᠪᠠᠶ᠋ᠢᠨ᠎ᠠ
ᠴᠡᠷᠢᠭ ᠬᠣᠪᠴᠠᠰᠤ ᠲᠠᠢ ᠰᠠᠶ᠋ᠢᠬᠠᠨ ᠵᠢᠷᠤᠭ ᠊ᠢ ᠴᠢᠨᠢ
ᠰᠠᠨᠠᠭ᠎ᠠ ᠠᠩᠬᠠᠷᠤᠨ ᠰᠢᠷᠲᠡᠵᠦ ᠰᠠᠭᠤᠨ᠎ᠠ
ᠨᠠᠮ᠎ᠠ ᠶ᠋ᠢ ᠪᠠᠨ ᠭᠡᠭᠰᠡᠭᠡᠷ ᠴᠡᠷᠢᠭ ᠡᠴᠡ ᠢᠷᠡᠨ᠎ᠡ ᠭᠡᠳ
ᠨᠠᠶ᠋ᠢᠵᠠ ᠪᠠᠨ ᠴᠢᠮ᠎ᠠ ᠶ᠋ᠢ ᠪᠡᠨ ᠬᠦᠯᠢᠶᠡᠵᠦ ᠰᠠᠭᠤᠨ᠎ᠠ

ᠤᠷᠭᠠᠨ ᠪ ᠦᠵᠦᠭᠦᠷ ᠊ᠢ ᠭᠢᠰᠬᠢᠴᠢᠬᠡᠬᠦ ᠪᠣᠢ ᠳ᠋ᠠ ᠭᠡᠳ
ᠦᠵᠦᠭᠦᠷ ᠊ᠢ ᠨᠢ ᠬᠤᠯᠠ ᠠ᠋ᠴᠠ ᠬᠠᠷᠠᠰᠬᠢᠨ ᠲᠣᠭᠣᠷᠢᠵᠤ ᠶᠠᠪᠤᠨ᠎ᠠ ‍ᠤᠤ
ᠬᠤᠷ᠎ᠠ ᠶ᠋ᠢᠨ ᠴᠦ᠍ ᠡᠭᠦᠯᠡ ᠦᠭᠡᠢ ᠴᠡᠯᠮᠡᠭ ᠪᠠᠶ᠋ᠢᠭᠠᠰᠠᠢ ᠭᠡᠳ
ᠬᠢᠯᠢ ᠶ᠋ᠢᠨ ᠲᠩᠷᠢ ᠶ᠋ᠢ ᠰᠢᠷᠲᠡᠵᠦ ᠪᠠᠶ᠋ᠢᠨ᠎ᠠ ‍ᠤᠤ ᠬᠦ᠋
ᠰᠠᠶ᠋ᠢᠬᠠᠨ ᠴᠢᠮ᠎ᠠ ᠶ᠋ᠢ ᠪᠠᠨ ᠰᠠᠨᠠᠵᠤ ᠶᠠᠪᠤᠭ᠎ᠠ
ᠴᠡᠷᠢᠭ ᠮᠢᠨᠦ ᠵᠢᠷᠭᠠᠯ ᠶᠤᠮ ‍ᠤᠤ ᠳ᠋ᠠ

ᠨᠠᠶᠠᠨ ᠨᠠᠢ᠍ᠮᠠᠨ ᠣᠨᠢ ᠲᠠᠢ ᠭᠡᠷ ᠊ᠢ ᠴᠢᠨᠢ
ᠴᠡᠴᠡᠭ ᠦ᠋ᠨ ᠲᠠᠯ᠎ᠠ ᠳᠦ ᠪᠡᠨ ᠪᠠᠷᠢᠵᠤ ᠪᠠᠶ᠋ᠢᠨ᠎ᠠ
ᠨᠠᠢ᠍ᠮᠠᠨ ᠠᠯᠳᠠ ᠵᠢᠨ ᠬᠣᠰᠦᠨ ᠣᠷᠭ᠎ᠡ ᠴᠢᠨᠢ
ᠭᠡᠷ ᠊ᠦᠨ ᠪᠦᠰᠡᠯᠡᠭᠦᠷ ᠲᠤ᠌ ᠨᠠᠮᠢᠯᠵᠠᠨ ᠪᠠᠶ᠋ᠢᠨ᠎ᠠ
ᠨᠠᠮ᠎ᠠ ᠶ᠋ᠢ ᠪᠠᠨ ᠭᠡᠭᠰᠡᠭᠡᠷ ᠴᠡᠷᠢᠭ ᠡᠴᠡ ᠢᠷᠡᠨ᠎ᠡ ᠭᠡᠳ
ᠨᠠᠶ᠋ᠢᠵᠠ ᠪᠠᠨ ᠴᠢᠮ᠎ᠠ ᠶ᠋ᠢ ᠪᠡᠨ ᠬᠦᠯᠢᠶᠡᠵᠦ ᠰᠠᠭᠤᠨ᠎ᠠ

ᠴᠡᠴᠡᠭ ᠦ᠋ᠨ ᠦᠨᠦᠷ ᠲᠡᠢ ᠴᠡᠩᠬᠡᠷ ᠣᠷᠣᠨ ᠶ᠋ᠢᠠᠨ
ᠴᠡᠷᠢᠭ ᠦ᠋ᠨ ᠶᠣᠰᠣ ᠪᠠᠷ ᠬᠠᠮᠠᠭᠠᠯᠠᠵᠤ ᠪᠠᠶ᠋ᠢᠨ᠎ᠠ
ᠴᠡᠩᠭᠡᠷ ᠣᠷᠣᠨ ᠶ᠋ᠢᠠᠨ ᠬᠠᠶ᠋ᠢᠷᠠᠯᠠᠬᠤ ᠰᠡᠳᠬᠢᠯ
ᠴᠡᠷᠢᠭ ᠪᠣᠯᠭᠠᠨ ᠳ᠋ᠦ᠍ ᠠᠳᠠᠯᠢᠬᠠᠨ ᠪᠠᠶ᠋ᠢᠨ᠎ᠠ ᠬᠦ᠋
ᠰᠠᠶ᠋ᠢᠬᠠᠨ ᠴᠢᠮ᠎ᠠ ᠶ᠋ᠢ ᠪᠠᠨ ᠰᠠᠨᠠᠵᠤ ᠶᠠᠪᠤᠬ᠋᠎ᠠ
ᠴᠡᠷᠢᠭ  (ᠰᠠᠭᠠᠯᠢᠴᠢᠨ ) ᠮᠢᠨᠦ ᠵᠢᠷᠭᠠᠯ ᠶᠤᠮ ‍ᠤᠤ ᠳ᠋ᠠ