ᠴᠢᠮ᠎ᠠ ᠶᠢ ᠪᠡᠨ ᠪᠣᠳᠣᠨ ᠪᠣᠳᠣᠭᠰᠠᠭᠠᠷЧамыгаа бодон бодсоор ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠢᠮ᠎ᠠ ᠶᠢ ᠪᠡᠨ ᠪᠣᠳᠣᠨ ᠪᠣᠳᠣᠭᠰᠠᠭᠠᠷЧамыгаа бодон бодсоор

ᠴᠢᠮ᠎ᠠ ᠶᠢ ᠪᠡᠨ ᠪᠣᠳᠣᠨ ᠪᠣᠳᠣᠭᠰᠠᠭᠠᠷЧамыгаа бодон бодсоор

ᠠᠩᠭᠢᠯᠠᠯ:ᠳᠠᠭᠤᠤ ᠬᠥᠭᠵᠢᠮ
2023-03-04

240

ᠴᠢᠮ᠎ᠠ ᠶᠢ ᠪᠡᠨ ᠪᠣᠳᠣᠨ ᠪᠣᠳᠣᠭᠰᠠᠭᠠᠷ

   lce top ᠬᠠᠮᠲᠤᠯᠢᠬ ‍ᠤᠨ26 ᠵᠢᠯ ‍ᠦᠨ ᠣᠢ ‍ᠳᠤ ᠵᠣᠷᠢᠭᠤᠯᠪᠠ
    —Zambulin x Xp x Jo
ᠴᠢᠮ᠎ᠠ ᠶᠢ ᠪᠡᠨ ᠪᠣᠳᠣᠨ ᠪᠣᠳᠣᠭᠰᠠᠭᠠᠷ
ᠴᠢᠮ᠎ᠠ ᠶᠢ ᠪᠡᠨ ᠪᠣᠳᠣᠨ ᠪᠣᠳᠣᠭᠰᠠᠭᠠᠷ
ᠴᠢᠮ᠎ᠠ ᠶᠢ ᠪᠡᠨ ᠪᠣᠳᠣᠨ ᠪᠣᠳᠣᠭᠰᠠᠭᠠᠷ
ᠴᠢᠮ᠎ᠠ ᠶᠢ ᠪᠡᠨ ᠪᠣᠳᠣᠨ ᠪᠣᠳᠣᠭᠰᠠᠭᠠᠷ

ᠴᠢᠮ᠎ᠠ ᠶᠢ ᠪᠡᠨ ᠪᠣᠳᠣᠨ ᠪᠣᠳᠣᠭᠰᠠᠭᠠᠷ ᠶᠠᠭᠠᠬᠢᠬᠤ ᠎ᠪᠠᠨ ᠮᠡᠳᠡᠬᠦ ᠎ᠪᠡᠨ ᠪᠣᠯᠴᠢᠬᠠᠯ᠎ᠠ
ᠴᠢᠮ᠎ᠠ ‍ᠳᠤ ᠬᠡᠯᠡᠬᠦ ᠬᠠᠶ᠋ᠢᠷ᠎ᠠ ‍ᠶ᠋ᠢᠨ ᠦᠭᠡ ᠎ᠪᠡᠨ ᠶᠠᠭᠠᠷᠠᠨ ᠶᠠᠭᠠᠷᠠᠨ ᠪᠢ ᠪᠢᠴᠢᠯ᠎ᠡ
ᠢᠩᠭᠢᠵᠦ ᠪᠢᠴᠢᠯ᠎ᠡ ᠰᠢᠯᠦᠭ ‍ᠢᠶ᠋ᠡᠨ ᠪᠢᠴᠢᠯ᠎ᠡ ᠬᠠᠶ᠋ᠢᠷ᠎ᠠ ‍ᠶ᠋ᠢᠨ ᠦᠭᠡ ᠎ᠪᠡᠨ ᠢᠯᠡᠴᠢᠯᠡᠯ᠎ᠡ
ᠡᠨᠡ ᠵᠥᠪᠬᠡᠨ ᠴᠢᠨᠦ ᠲᠥᠯᠥᠭᠡ ᠭᠡᠳᠡᠭ ‍ᠢᠶ᠋ᠡᠨ ᠬᠡᠯᠡᠴᠢᠬᠡᠯ᠎ᠡ
ᠪᠢ ᠴᠢᠮ᠎ᠠ ‍ᠶ᠋ᠢ ᠴᠢ ᠨᠠᠮ᠎ᠠ ‍ᠶ᠋ᠢ ᠬᠠᠶ᠋ᠢᠷᠠᠯᠠᠬᠤ ᠨᠢ ᠰᠠᠶ᠋ᠢᠬᠠᠨ ᠭᠠᠶ᠋ᠢᠬᠠᠮ᠎ᠠ ᠥᠬᠢᠨ ᠮᠢᠨᠢ
ᠪᠢ ᠴᠢᠮ᠎ᠠ ‍ᠶ᠋ᠢ ᠴᠢ ᠨᠠᠮ᠎ᠠ ‍ᠶ᠋ᠢ ᠬᠠᠶ᠋ᠢᠷᠠᠯᠠᠬᠤ ᠨᠢ ᠰᠠᠶ᠋ᠢᠬᠠᠨ ᠭᠠᠶ᠋ᠢᠬᠠᠮ᠎ᠠ ᠂oh,yeah

ᠴᠢ ᠮᠢᠨᠢ ᠨᠠᠳᠠ ‍ᠳᠤ ᠎ᠪᠠᠨ ᠪᠠᠶ᠋ᠢᠪᠠᠯ ᠰᠠᠶ᠋ᠢᠬᠠᠨ ᠪᠠᠶ᠋ᠢᠨ᠎ᠠ ᠵᠠᠪᠠᠯ ᠪᠢ ᠳᠠᠭᠠᠭᠠᠪᠠᠯ ᠵᠥᠪ ᠳᠠᠭᠠᠭᠠᠪᠠᠯ
ᠴᠢᠮ᠎ᠠ ‍ᠶ᠋ᠢ ᠰᠣᠨᠣᠰᠤᠶ᠎ᠠ ᠪᠠᠶ᠋ᠢᠨ᠎ᠠ ‍ᠤᠤ ᠤᠲᠠᠰᠤ ᠎ᠪᠠᠷ ᠬᠠᠷᠢᠭᠤ
ᠵᠥᠪ ᠴᠠᠭ ᠲᠤ ᠵᠠᠶᠠᠭᠠᠨ ‍ᠤ ᠮᠢᠨᠢ ᠬᠠᠨᠢ ᠵᠠᠮ ᠳᠡᠭᠡᠷ᠎ᠡ ᠲᠠᠭᠠᠷᠠᠪᠠ ‍ᠤᠤ
ᠴᠢᠮ᠎ᠠ ‍ᠳᠤ ᠵᠣᠷᠢᠭᠤᠯᠵᠤ ᠡᠯᠢᠭᠡ ᠵᠢᠷᠦᠬᠡ ᠴᠣᠬᠢᠯᠠᠵᠤ ᠪᠠᠶ᠋ᠢᠭ᠎ᠠ ‍ᠶ᠋ᠢ ᠬᠠᠷᠠᠪᠠ ‍ᠤᠤ
ᠥᠬᠢᠨ ᠴᠢᠨᠦ ᠮᠢᠨᠢ ᠢᠯᠳᠠᠮ ᠴᠢᠷᠠᠢ ᠮᠢᠨᠦ ᠵᠢᠷᠦᠬᠡᠨ ‍ᠳᠦ ᠭᠡᠷᠡᠯᠲᠦᠨ᠎ᠡ
ᠣᠳᠣ ᠎ᠪᠠᠷ ᠬᠣᠯᠠ ᠵᠠᠢ ‍ᠳᠤ ᠪᠠᠶ᠋ᠢᠭ᠎ᠠ ᠴᠤ᠌ ᠵᠢᠷᠦᠬᠡ ᠰᠡᠳᠬᠢᠯ ᠵᠡᠷᠭᠡᠯᠡᠳᠡᠭᠡ
ᠨᠠᠳᠠ ‍ᠳᠤ ᠢᠲᠡᠭᠡ ᠪᠤᠰᠤᠳ ᠲᠤ ᠵᠠᠷᠤᠴᠠᠭᠤᠯᠬᠤ ᠴᠠᠭ ᠦᠭᠡᠢ ᠦᠨᠡᠨ ‍ᠳᠦ ᠎ᠪᠡᠨ
ᠣᠷᠴᠢᠯᠠᠩ ‍ᠳᠤ ᠭᠠᠭᠴᠠᠬᠠᠨ ᠴᠢᠮ᠎ᠠ ‍ᠶ᠋ᠢ ᠯᠡ ᠰᠣᠩᠭᠣᠭᠰᠠᠨ ᠲᠤᠯᠠ ᠪᠢ ᠴᠢᠨᠢ ᠢᠲᠡᠭᠡᠯ ᠎ᠲᠡᠢ
ᠥ ᠮᠢᠨᠦ ᠨᠠᠷᠠᠨ ᠮᠢᠨᠢ ᠠ᠋
ᠴᠢ ᠮᠢᠨᠢ ᠰᠠᠶ᠋ᠢᠬᠠᠨ ᠪᠢᠯᠡ ᠲᠡᠶ᠋ᠢᠮᠦ ᠪᠢᠯᠡ
ᠡᠨᠡ ᠵᠢᠱ᠌ᠢᠶ᠎ᠡ ᠦᠨᠡᠬᠡᠷ ᠦᠨᠡᠨ ᠪᠢᠯᠡ
ᠴᠢᠮ᠎ᠠ ‍ᠶ᠋ᠢ ᠪᠦᠲᠦᠨhustle ᠬᠢᠶ᠎ᠡ
ᠵᠢᠷᠦᠬᠡ ᠳᠣᠲᠣᠷᠠᠬᠢ ᠎ᠪᠠᠨpass ᠯᠠᠶ᠎ᠠ
ᠬᠠᠷᠠᠴᠠ ᠮᠠᠷᠠᠴᠠ ᠎ᠪᠠᠷ ‍ᠢᠶ᠋ᠠᠨmass ᠯᠠᠶ᠎ᠠ
ᠵᠢᠷᠤᠭ ᠮᠢᠷᠤᠭ ‍ᠢᠶ᠋ᠠᠨ ᠵᠢᠶᠠᠵᠡᠯᠡᠶ᠎ᠡ
ᠦᠨᠡᠨ ‍ᠢᠶ᠋ᠡᠨ ᠬᠡᠯᠡᠨ᠎ᠡ ᠂ ᠬᠦᠰᠡᠯ ᠮᠢᠨᠢ ᠪᠡᠶᠡᠯᠡᠨ᠎ᠡ
ᠴᠢᠨᠦ ᠳᠡᠷᠭᠡᠳᠡ ᠲᠠᠭ ᠰᠣᠬᠣᠷᠠᠭᠰᠠᠨ
ᠦᠨᠡᠨ ‍ᠳᠦ ᠎ᠪᠡᠨ ᠪᠢ ᠴᠢᠨᠢ ᠴᠢᠮ᠎ᠠ ᠦᠭᠡᠢ ᠡᠨᠳᠡ ᠎ᠪᠡᠨ
ᠪᠤᠷᠤᠭᠤ ᠵᠦᠭ ᠤᠷᠤᠭᠤ ᠎ᠪᠠᠨ ᠶᠠᠪᠤᠬᠤ ᠪᠠᠶ᠋ᠢᠬᠰᠠᠨ
ᠡᠭᠦᠯᠡᠨ ᠦᠰᠦ ᠦᠭᠡᠢ ᠴᠤ᠌ ᠡᠨᠡ ᠤᠳᠠᠭ᠎ᠠ ᠎ᠪᠠᠨ ᠡᠭᠦᠯᠡᠨ ᠳᠡᠭᠡᠭᠦᠷ ᠨᠢᠰᠴᠦ ᠪᠣᠯᠤᠨ᠎ᠠ
ᠵᠡᠭᠦᠳᠦᠨ ‍ᠳᠦ ᠢᠷᠡᠬᠦ ᠦᠭᠡᠢ ᠴᠤ᠌ ᠮᠢᠨᠦ ᠡᠨᠡ ᠵᠥᠭᠡᠯᠡᠨ ᠴᠡᠭᠡᠵᠢᠨ ‍ᠳᠦ ᠲᠦᠰᠢᠵᠦ ᠪᠣᠯᠤᠨ᠎ᠠ
     
ᠳᠠᠬᠢᠯᠲᠠ
ᠴᠢᠨᠦ ᠮᠢᠨᠢ ᠠᠯᠬᠤᠭ᠎ᠠ ᠭᠢᠰᠬᠢᠭᠡ ᠂ ᠴᠢᠬᠢᠨ ‍ᠳᠦ ᠬᠣᠨᠣᠭᠰᠢᠬᠤ ᠳᠠᠭᠤᠨ ‍ᠤ ᠦᠭᠡᠰ
ᠦᠷᠭᠦᠯᠵᠢ ᠴᠢ ᠮᠢᠨᠢ ᠬᠥᠭᠡᠷᠦᠨ ᠪᠡᠶᠡᠰ ᠂ ᠡᠨᠡ ᠪᠣᠯ ᠮᠢᠨᠦ ᠳᠠᠭᠤᠨ ‍ᠤ ᠠᠶᠠᠰ
ᠴᠢᠮ᠎ᠠ ᠶᠢ ᠪᠡᠨ ᠪᠣᠳᠣᠬᠤ ᠎ᠪᠠᠷ ᠰᠠᠨᠠᠭ᠎ᠠ ᠮᠢᠨᠢ ᠵᠣᠪᠠᠭᠠᠳ ᠰᠠᠨᠠᠵᠤ ᠪᠡᠲᠡᠭᠢᠷᠡᠭᠡᠳ
ᠪᠤᠰᠤᠳ ᠠ᠋ᠴᠠ ᠬᠠᠷᠠᠮᠨᠠᠭᠠᠳ ᠬᠠᠷᠠᠳᠠᠭᠠᠳ ᠬᠠᠶ᠋ᠢᠷᠠᠯᠠᠭᠠᠳ ᠪᠠᠶ᠋ᠢᠬᠤ ᠶᠤᠮ
ᠡᠨᠡ ᠴᠢᠨᠢ ᠲᠡᠭᠡᠬᠦ ᠎ᠪᠡᠷ ᠬᠠᠶ᠋ᠢᠷ᠎ᠠ ‍ᠤᠤ ?
ᠡᠩᠬᠦᠷᠡᠢ ᠴᠢ ᠮᠢᠨᠢ ᠨᠠᠮ᠎ᠠ ‍ᠶ᠋ᠢ ᠬᠦᠰᠡᠨ᠎ᠡ ‍ᠤᠤ ?
ᠡᠭᠡᠯ ᠵᠢᠷ ‍ᠦᠨ ᠮᠣᠩᠭᠣᠯ ᠪᠦᠰᠡᠭᠦᠢ ᠡᠴᠦᠰ ‍ᠢᠶ᠋ᠡᠨ ᠬᠦᠷᠲᠡᠯ᠎ᠡ ᠬᠠᠭᠠᠴᠠᠬᠤ ᠶᠣᠰᠣ ᠦᠭᠡᠢ
ᠡᠷᠬᠡᠯᠡᠵᠦ ᠨᠠᠳᠠ ‍ᠳᠤ ᠎ᠪᠠᠨ ᠬᠣᠯᠠᠳᠴᠤ ᠪᠣᠯᠬᠤ ᠦᠭᠡᠢ
ᠬᠠᠮᠲᠤ ᠪᠠᠶ᠋ᠢᠨ᠎ᠠ ᠡᠭᠦᠷᠢᠳᠡ ᠴᠢᠮ᠎ᠠ ᠎ᠲᠠᠢ ᠬᠠᠮᠲᠤ ‍ᠳᠤ ᠎ᠪᠠᠨ ᠨᠡᠭᠦᠨ᠎ᠡ
ᠴᠢᠮ᠎ᠠ ‍ᠶ᠋ᠢ ᠰᠠᠨᠠᠭᠠᠳ ᠥᠭᠡᠷ᠎ᠡ ᠶᠠᠭᠤ ᠴᠤ᠌ ᠪᠣᠳᠣᠬᠤ ᠦᠭᠡᠢ ᠰᠠᠭᠤᠨ᠎ᠠ
     
ᠳᠠᠬᠢᠯᠲᠠ