ᠬᠣᠩᠬᠣ - ᠭᠦᠷᠵᠠᠪ Хонх   -  Гүржав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠣᠩᠬᠣ - ᠭᠦᠷᠵᠠᠪ Хонх   -  Гүржав

ᠬᠣᠩᠬᠣ - ᠭᠦᠷᠵᠠᠪ Хонх   -  Гүржав

2023-03-04

266

ᠬᠣᠩᠬᠣ


                ᠭᠦᠷᠵᠠᠪ

 ᠨᠠᠷᠠ ᠳᠡᠭᠡᠷ᠎ᠡ ᠮᠠᠨᠲᠤᠯ᠎ᠠ
 ᠨᠠᠷᠠᠪᠴᠢᠨ ᠳᠡᠭᠡᠷ᠎ᠡ ᠮᠢᠨᠢ ᠮᠠᠨᠲᠤᠯ᠎ᠠ ᠁
 ᠨᠠᠪᠰᠢᠢᠵᠤ ᠪᠤᠤ ᠤᠨᠲᠠ
 ᠨᠠᠮᠠᠶ᠋ᠢ ᠳᠠᠭᠠᠭᠠᠳ ᠪᠣᠰ ᠭᠡᠰᠡᠨ
 ᠨᠠᠶ᠋ᠢᠲᠠᠪᠤᠷᠢᠲᠠᠢ ᠪᠠᠲᠤ ᠳᠠᠭᠤᠳᠠᠯᠬ᠋᠎ᠠ ᠪᠣᠯ
 ᠬᠣᠩᠬᠣ ᠪᠢᠯᠡ
 ᠥᠯᠵᠡᠶ᠋ᠢᠲᠦ ᠨᠥᠬᠥᠳ ᠶ᠋ᠢᠡᠨ ᠦᠵᠡ
 ᠥᠷᠯᠥᠭᠡ ᠶ᠋ᠢᠨ ᠲᠠᠮᠢᠷ ᠲᠤ ᠭᠠᠷᠴᠠᠭᠠᠯ᠎ᠠ
 ᠥᠷᠪᠥᠭᠡᠷ ᠴᠢ ᠮᠢᠨᠢ ᠬᠤᠷᠲᠤᠯᠠ
 ᠥᠪᠡᠷ ᠶ᠋ᠢᠡᠨ ᠭᠦᠶᠦᠭᠡᠳ ᠣᠴᠢ ᠭᠡᠰᠡᠨ 
 ᠥᠷᠥᠪᠴᠢᠬᠡᠨ ᠵᠥᠭᠡᠯᠡᠨ ᠰᠠᠨᠠᠭᠤᠯᠬ᠋᠎ᠠ ᠪᠣᠯ
 ᠬᠣᠩᠬᠣ ᠪᠢᠯᠡ
 ᠬᠣᠭᠣᠯᠠ ᠪᠠᠨ ᠴᠠᠭ ᠲᠠᠭᠠᠨ ᠢᠲᠡ
 ᠬᠣᠭ ᠶ᠋ᠢᠠᠨ ᠳᠠᠷᠤᠶ᠋ᠢᠬᠠᠨ ᠱᠦᠭᠦᠷᠲᠡ
 ᠬᠣᠲᠠᠯᠠ ᠶ᠋ᠢᠨ ᠳᠦᠷᠢᠮ ᠡᠴᠡ ᠬᠣᠴᠣᠷᠤᠯ ᠦᠭᠡᠢ
 ᠬᠣᠰᠢᠭᠤᠷᠠᠵᠤ ᠭᠠᠪᠰᠢᠭᠠᠶ᠋ᠢᠯᠠᠵᠤ ᠶᠠᠪᠤ ᠭᠡᠰᠡᠨ
 ᠬᠣᠪᠣᠷᠬᠠᠨ ᠨᠠᠨᠲᠢᠨ ᠱᠠᠭᠠᠷᠲᠠᠯᠬ᠋᠎ᠠ
 ᠬᠣᠩᠬᠣ ᠪᠢᠯᠡ
 ᠬᠡᠷᠡᠭᠦᠯ ᠪᠠᠬ᠋᠎ᠠ ᠬᠢ
 ᠬᠢᠴᠢᠶᠡᠯ ᠶ᠋ᠢᠡᠨ ᠢᠯᠡᠭᠦᠦ ᠳᠠᠪᠲᠠ
 ᠬᠡᠨ  ᠳᠤ ᠪᠣᠯᠪᠠᠴᠤ ᠭᠠᠶ᠋ᠢᠬᠠᠭᠤᠯᠤᠮ᠎ᠠ
 ᠬᠢᠷᠢ ᠪᠦᠲᠦᠮᠵᠢ ᠲᠡᠢ ᠶᠠᠪᠤ ᠭᠡᠰᠡᠨ
 ᠬᠡᠵᠢᠶᠡᠲᠡ ᠶ᠋ᠢᠨ ᠴᠢᠩᠬ᠋᠎ᠠ ᠰᠤᠷᠭᠠᠯ ᠪᠣᠯ
 ᠬᠣᠩᠬᠣ ᠪᠢᠯᠡ

ᠢᠷᠡᠯᠲᠡ – ᠬᠡᠤᠭᠡᠳ ᠨᠠᠰᠤ ᠰᠠᠶ᠋ᠢᠬᠠᠨ
        ᠭᠦᠷᠵᠠᠪ ᠵᠣᠬᠢᠶᠠᠪᠠ
          ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠪᠡ
          ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
          ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
         2004 ᠣᠨ ᠪ 9 ᠰᠠᠷ᠎ᠠ  ᠳᠦ ᠠᠩᠬᠠᠲᠤᠭᠠᠷ ᠬᠡᠪ ᠊ᠢ ᠬᠢᠪᠡ
         2004 ᠣᠨ ᠪ 9 ᠰᠠᠷ᠎ᠠ  ᠳᠦ ᠠᠩᠬ᠎ᠠ ᠤᠲᠠᠬ᠋᠎ᠠ ᠬᠡᠪᠯᠡᠪᠡ

         ᠦᠰᠦᠭ ᠠᠮᠢᠯᠠᠭᠤᠯᠤᠭᠴᠢ ᠄ ᠪᠠᠶᠠᠷᠴᠡᠴᠡᠭ
         ᠦᠰᠦᠭ  ᠬᠢᠨᠠᠭᠴᠢ ᠄ ᠪᠠᠶᠠᠷᠴᠡᠴᠡᠭ
              2023 ᠣᠨ ᠪ 3 ᠰᠠᠷ᠎ᠠ ᠶ᠋ᠢᠨ 2 ᠪ ᠡᠲᠦᠷ