ᠲᠤᠷᠠᠯᠠᠯ – ᠷ · ᠴᠣᠢᠨᠣᠮ Дурлал – Р · Чойном
ᠳᠤᠷᠠᠯᠠᠯ
ᠲᠤᠷᠠᠯᠠᠯ ᠭᠡᠳᠡᠭ ᠡᠨᠡ ᠂ ᠣᠷᠴᠢᠯᠠᠩ ᠦ᠋ᠨ ᠬᠠᠴᠢᠨ ᠦᠭᠡ
ᠳᠤᠤᠯᠢᠶᠠᠨ ᠢᠲᠡ ᠬᠠᠲᠠᠭᠠᠵᠤ ᠪᠠᠶ᠋ᠢᠬᠰᠠᠨ ᠲᠠᠪᠢᠭᠠᠳ ᠣᠨ ᠳᠤ
ᠠᠮᠠᠷᠠᠭ ᠬᠠᠶ᠋ᠢᠷ᠎ᠠ ᠶ᠋ᠢᠨ ᠳᠠᠪᠴᠠᠩ ᠳᠤ ᠪᠢ ᠭᠠᠷᠴᠤ
ᠠᠮᠢᠨ ᠪ ᠪᠠᠨ 《 ᠷᠤᠮᠸᠣ᠋ ᠵᠦᠯᠢᠶᠸᠲ 》 ᠊ᠢ ᠲᠣᠭᠯᠠᠭᠰᠠᠨ ᠃
ᠥᠷᠥᠭᠡᠯ ᠊ᠢ ᠪᠢ ᠭᠡᠴᠡᠭᠦᠬᠡᠨ ᠬᠠᠶ᠋ᠢᠷᠠᠯᠠᠲᠠᠭ ᠪᠠᠶ᠋ᠢᠬᠰᠠᠨ ᠶᠤᠮ
ᠥᠪᠡᠷ ᠶ᠋ᠢᠡᠨ ᠲᠡᠷᠡ ᠬᠠᠶ᠋ᠢᠷ᠎ᠠ ᠳ᠋ᠠᠭᠠᠨ ᠰᠢᠲᠠᠴᠢᠬᠠᠲᠠᠭ ᠪᠠᠶ᠋ᠢᠬᠰᠠᠨ ᠶᠤᠮ
ᠥᠷᠥ ᠵᠢᠷᠦᠬᠡ ᠪᠡᠨ ᠣᠯᠠᠨ ᠳᠠᠬᠢᠨ ᠪᠤᠰᠤᠳ ᠲᠤ ᠢᠰᠭᠦᠯᠦᠭᠦᠯᠵᠤ
ᠬᠠᠷᠢᠭᠤ ᠳᠤ ᠨᠢ ᠢᠰᠭᠦᠯᠵᠤ ᠶᠠᠪᠤᠭᠰᠠᠨ ᠶᠤᠮ ᠃
ᠬᠣᠷᠸ᠋᠎ᠠ ᠳᠤ ᠬᠦᠮᠦᠨ ᠡᠭᠦᠰᠦᠭᠰᠡᠨ ᠴᠠᠭ ᠠ᠋ᠴᠠ ᠡᠬᠢᠯᠡᠭᠡᠳ
ᠬᠣᠷᠢᠲᠤᠭᠠᠷ ᠵᠠᠭᠤᠨ ᠳᠤ ᠨᠠᠮᠠᠢ᠍ᠢ ᠬᠦᠷᠲᠡᠯ᠎ᠡ
ᠳᠤᠷᠠᠯᠠᠯ ᠬᠠᠶ᠋ᠢᠷ᠎ᠠ ᠭᠡᠳᠡᠭ ᠡᠶ᠋ᠢᠮᠦ ᠯᠡ ᠪᠠᠶ᠋ᠢᠬᠰᠠᠨ ᠶᠤᠮᠰᠠᠨᠵᠠᠢ
ᠳᠠᠭᠤᠷᠢᠶᠠᠭᠰᠠᠨ ᠠ᠋ᠴᠠ ᠪᠢᠰᠢ ᠂ ᠨᠡᠭᠡᠭᠡᠭᠰᠡᠨ ᠶᠠᠭᠤᠮ᠎ᠠ ᠠᠯᠠᠬ᠋᠎ᠠ ᠡ !
ᠭᠡᠬᠦ ᠳ᠋ᠡᠭᠡᠨ ᠬᠦᠮᠦᠨ ᠬᠠᠭᠤᠴᠢᠷᠠᠬᠤ ᠠ᠋ᠴᠠ ᠳᠤᠷᠠᠯᠠᠯ ᠬᠠᠭᠤᠴᠢᠷᠠᠲᠠᠭ ᠦᠭᠡᠢ
ᠭᠡᠨᠡᠨ ᠰᠡᠤᠠᠬᠢᠯ ᠡᠯᠡᠭᠳᠡᠬᠦ ᠡᠴᠡ ᠳᠤᠷ᠎ᠠ ᠬᠦᠰᠡᠯ ᠡᠯᠡᠭᠳᠡᠳᠡᠭ ᠦᠭᠡᠢ ᠂
ᠠᠭᠠᠷ ᠂ ᠬᠣᠭᠣᠯᠠ ᠂ ᠵᠡᠭᠦᠲᠦ ᠨᠣᠶ᠋ᠢᠷ ᠰᠢᠭ᠋ ᠳᠠᠪᠳᠠᠨ ᠲᠠᠪᠲᠠᠵᠤ ᠂
ᠠᠮᠲᠠᠯᠠᠨ ᠵᠢᠷᠭᠠᠵᠤ ᠪᠣᠯᠲᠠᠭ ᠷᠢᠲᠢ ᠰᠢᠲᠢ ᠲᠡᠢ ᠡᠳ᠋ ᠶᠤᠮ ᠃
ᠳᠤᠷᠠᠯᠠᠯ ᠭᠡᠭᠴᠢ ᠪᠡᠷ ᠪᠢ ᠭᠡᠷ ᠪᠠᠷᠢᠵᠤ ᠴᠤ᠌ ᠦᠵᠡᠯ᠎ᠡ
ᠳᠤᠩ ᠴᠠᠭᠠᠨ ᠣᠷᠲᠣᠨ ᠬᠠᠷᠰᠢ ᠴᠤ᠌ ᠪᠥᠲᠦᠭᠡᠯᠠ
ᠲᠤᠲᠠᠭᠤ ᠳᠣᠯᠢᠮᠠᠭ ᠣᠪᠣᠬᠠᠢ ᠪᠣᠰᠬᠠᠵᠤ ᠴᠤ᠌ ᠶᠠᠪᠤᠯ᠎ᠠ
ᠳᠠᠭᠤᠰᠤᠭᠠᠳ ᠨᠤᠷᠠᠬᠤ ᠪᠠᠷ ᠶ᠋ᠢᠠᠨ ᠪᠥᠭᠦᠲᠡ ᠠᠲᠠᠯᠢᠬᠠᠨ ᠶᠤᠮᠰᠠᠨᠵᠠᠢ ᠃
ᠢᠨᠠᠭ ᠬᠠᠶ᠋ᠢᠷ᠎ᠠ ᠶ᠋ᠢᠨ ᠳᠠᠪᠴᠠᠩ ᠳᠤ ᠪᠢ ᠣᠯᠠᠨ ᠤᠲᠠᠬ᠋᠎ᠠ
ᠶᠠᠩᠵᠤ ᠪᠦᠷᠢ ᠶ᠋ᠢᠨ ᠺᠦᠮᠸᠲᠢ ᠴᠤ᠌ ᠲᠣᠭᠯᠠᠯ᠎ᠠ ᠂ ᠲᠷᠡᠬ᠋ᠸᠲᠢ ᠴᠤ᠌ ᠲᠣᠭᠯᠠᠯ᠎ᠠ
ᠢᠯᠠᠵᠤ ᠪᠠᠶ᠋ᠢᠨ᠎ᠠ ᠭᠡᠳ ᠢᠯᠠᠭᠲᠠᠵᠤ ᠴᠤ᠌ ᠦᠵᠡᠯ᠎ᠡ
ᠢᠯᠠᠭᠲᠠᠬᠤ ᠳᠤᠰᠤᠮ ᠶ᠋ᠢᠠᠨ ᠠᠮᠲᠠᠲᠠᠢ ᠪᠠᠶ᠋ᠢᠲᠠᠭ ᠶᠤᠮ ᠪᠢᠯᠡ
ᠣᠲᠣ ᠪᠣᠲᠣᠬᠤ ᠳᠤ ᠲᠡᠷᠡ ᠳᠠᠪᠴᠠᠩ ᠳᠡᠭᠡᠷ᠎ᠡ ᠪᠢ
ᠣᠯᠤᠭᠰᠠᠨ ᠨᠢ ᠪᠠᠬ᠋᠎ᠠ ᠠᠯᠲᠠᠭᠰᠠᠨ ᠨᠢ ᠶᠡᠬᠡ ᠪᠠᠶ᠋ᠢᠨ᠎ᠠ ᠃
ᠶᠠᠭᠠᠮᠠᠢ ᠲᠡᠭᠡᠬᠦ ᠳ᠋ᠡᠭᠡᠨ
ᠬᠦᠮᠦᠨ ᠠᠯᠠᠭᠰᠠᠨ ᠦᠭᠡᠢ
ᠬᠦᠮᠦᠨ ᠳᠤ ᠠᠯᠠᠭᠤᠯᠣᠭᠰᠠᠨ ᠦᠭᠡᠢ
ᠶᠠᠯ᠎ᠠ ᠴᠤ᠌ ᠦᠭᠡᠢ ᠂ ᠭᠠᠪᠢᠶ᠎ᠠ ᠴᠤ᠌ ᠦᠭᠡᠢ ᠂ ᠬᠠᠷᠢᠨ
ᠢᠨᠠᠭ ᠳᠤᠷᠠᠯᠠᠯ ᠦ᠋ᠨ ᠳᠠᠪᠴᠠᠩ ᠳᠡᠭᠡᠷ᠎ᠡ
ᠶᠠᠭᠤ ᠪᠣᠯᠣᠬ᠋ᠠ ᠦᠭᠡᠢ ᠭᠠᠪᠢᠶ᠎ᠠ ᠪᠤᠢ !
1972 ᠂12 ᠂ 4
《 ᠷ · ᠴᠣᠶ᠋ᠢᠨᠣᠮ ᠤᠨ ᠰᠢᠯᠦᠭ ᠵᠣᠬᠢᠶᠠᠯ ᠤᠨ ᠬᠤᠷᠢᠶᠠᠬᠤᠢ 》
— ᠤᠶᠠᠩᠭ᠎ᠠ ᠶ᠋ᠢᠨ ᠰᠢᠯᠦᠭ ᠠ᠋ᠴᠠ ᠬᠠᠭᠤᠯᠪᠠ ᠃
ᠪᠢ᠊ · ᠳᠠᠮᠳᠢᠨᠰᠦ᠋ᠷᠦᠩ ᠡᠮᠬᠢᠳᠬᠡᠨ ᠨᠠᠶ᠋ᠢᠷᠠᠭᠤᠯᠪᠠ
ᠬᠠᠷᠢᠭᠤᠴᠠᠭᠰᠠᠨ ᠨᠠᠶ᠋ᠢᠷᠠᠭᠤᠯᠤᠭᠴᠢ ᠄ ᠪᠣᠷᠣᠨᠣᠳ ᠳᠣᠷᠵᠢ
ᠦᠰᠦᠭ ᠠᠮᠢᠯᠠᠭᠤᠯᠤᠭᠴᠢ ᠄ ᠤᠨᠲᠤᠷᠮᠡ
ᠬᠢᠨᠠᠭᠴᠢ ᠪᠠᠭᠰᠢ ᠄ ᠣᠳᠬᠠᠨᠰᠣᠸᠠ᠂ ᠮᠥᠩᠭᠦᠨᠴᠡᠴᠡᠭ
