ᠤᠯᠠᠭᠠᠨ ᠬᠠᠳᠠ ( ᠭᠤᠷᠪᠠ ) – ᠭ ᠂ ᠴᠢᠩᠪᠠᠭᠠᠲᠤᠷ Улаан хад (гурав )  –   Г ᠂ Чинбаатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠯᠠᠭᠠᠨ ᠬᠠᠳᠠ ( ᠭᠤᠷᠪᠠ ) – ᠭ ᠂ ᠴᠢᠩᠪᠠᠭᠠᠲᠤᠷ Улаан хад (гурав )  –   Г ᠂ Чинбаатар

ᠤᠯᠠᠭᠠᠨ ᠬᠠᠳᠠ ( ᠭᠤᠷᠪᠠ ) – ᠭ ᠂ ᠴᠢᠩᠪᠠᠭᠠᠲᠤᠷ Улаан хад (гурав )  –   Г ᠂ Чинбаатар

2023-03-04

265

ᠤᠯᠠᠭᠠᠨ ᠬᠠᠳᠠ ( ᠭᠤᠷᠪᠠ )


           ᠭ · ᠴᠢᠩᠪᠠᠭᠠᠲᠤᠷ

 ᠰᠥᠭᠥᠳᠦᠭᠰᠡᠨ ᠲᠡᠮᠡᠭᠡ ᠰᠢᠭ᠌ ᠪᠣᠭᠣᠨᠢᠬᠠᠨ ᠬᠠᠲᠠ ᠮᠢᠨᠢ
 ᠰᠦᠮᠪᠦᠷ ᠠᠭᠤᠯᠠ ᠰᠢᠭ᠋ ᠥᠨᠲᠥᠷ ᠣᠷᠭᠢᠯ ᠮᠢᠨᠢ
 ᠭᠠᠯ ᠦ᠋ᠨ ᠰᠣᠷ  ᠰᠢᠭ᠋  《 ᠳᠦᠷᠡᠯᠵᠡᠭᠰᠡᠨ 》 ᠬᠠᠲᠠ ᠮᠢᠨᠢ
 ᠭᠠᠵᠠᠷ ᠳᠡᠭᠡᠷᠡᠬᠢ ᠠᠯᠲᠠᠨ ᠭᠠᠲᠠᠰᠤ ᠮᠢᠨᠢ
 
 ᠣᠨ  ᠴᠠᠭ ᠦ᠋ᠨ ᠰᠠᠯᠬᠢᠨ  ᠳᠤ ᠬᠡᠶ᠋ᠢᠰᠴᠦ
 ᠣᠯᠲᠠᠬᠤ ᠪᠠᠨ ᠪᠠᠶ᠋ᠢᠬᠰᠠᠨ ᠭᠡᠨᠡᠨ ᠨᠠᠰᠤ ᠮᠢᠨᠢ
 ᠮᠥᠷ ᠊ᠢ  ᠮᠥᠩᠬᠡᠯᠡᠭᠰᠡᠨ ᠳᠤᠷᠠᠳᠬᠠᠯ ᠬᠠᠲᠠ
 ᠮᠥᠷᠥᠭᠡᠲᠦᠯ ᠶ᠋ᠢᠡᠨ ᠪᠣᠶ᠋ᠢᠯᠠᠭᠰᠠᠨ 《 ᠵᠢᠷᠦᠬᠡ 》 ᠬᠠᠲᠠ

 ᠣᠷᠴᠢᠯᠠᠩ ᠊ᠢ ᠪᠠᠷᠠᠲᠠᠯ᠎ᠠ ᠲᠣᠭᠣᠷᠢᠭᠠᠳ ᠴᠤ᠌
 ᠤᠯᠠᠭᠠᠨ ᠬᠠᠲᠠᠨ ᠳ᠋ᠠᠭᠠᠨ ᠣᠴᠢᠬ᠋᠎ᠠ ᠪᠢᠯᠡ ‍ᠤᠤ
 ᠣᠲᠣᠨ  ᠳᠤ ᠭᠠᠷᠲᠠᠯ᠎ᠠ ᠶᠠᠪᠤᠭᠠᠳ  ᠴᠤ᠌
 ᠤᠯᠠᠭᠠᠨ ᠬᠠᠲᠠ ᠪᠠᠨ ᠡᠷᠭᠢᠭᠡ ᠪᠢᠯᠡ ‍ᠤᠤ

 ᠰᠡᠭᠦᠲᠡᠷ ᠨᠢ ᠬᠦᠷᠲᠡᠯ᠎ᠡ ᠪᠦᠯᠢᠶᠡᠬᠡᠨ ᠲᠣᠮᠣ ᠬᠠᠲᠠᠨ ᠪ ᠡᠩᠭᠡᠷ ᠲᠤ
 ᠰᠦᠨ ᠪ ᠦᠨᠦᠷ ᠨᠢ ᠠᠷᠢᠯᠤᠬ᠋᠎ᠠ ᠦᠭᠡᠢ ᠪᠠᠬ᠋᠎ᠠ ᠨᠠᠰᠤ ᠪᠠᠨ ᠭᠡᠭᠡᠵᠦ
 ᠰᠦᠨᠡᠰᠦ ᠮᠢᠨᠢ ᠬᠦᠷᠲᠡᠯ᠎ᠡ ᠤᠶᠠᠬ᠋᠎ᠠ ᠲᠠᠢ ᠲᠥᠷᠥᠭᠰᠡᠨ ᠨᠤᠲᠤᠭ ᠦ᠋ᠨ  ᠶ᠋ᠢᠡᠨ ᠡᠯᠢᠭᠡᠨ ᠳᠤ
 ᠰᠢᠭᠦᠲᠡᠷᠢ ᠳᠤ ᠦᠯᠡᠳᠡᠭᠰᠡᠨ ᠪᠣᠶ᠋ᠢᠲᠣᠭ ᠲᠠᠢ ᠮᠥᠷ ᠶ᠋ᠢᠡᠨ ᠲᠠᠮᠠᠭᠠᠯᠠᠵᠤ
 ᠪᠢ ᠤᠯᠠᠭᠠᠨ ᠬᠠᠲᠠᠨ ᠪ ᠪᠠᠨ ᠬᠢᠰᠠᠭᠠᠨ ᠠ᠋ᠴᠠ  ᠦᠳᠦᠯᠡᠭᠰᠡᠨ ᠬᠠᠷᠴᠠᠭᠠᠢ ᠶᠤᠮ

       2009.6.26

            ᠦᠰᠦᠭ ᠠᠮᠢᠯᠠᠭᠤᠯᠤᠭᠴᠢ ᠄ ᠪᠠᠯᠵᠢ
                ᠬᠢᠨᠠᠭᠴᠢ ᠄ ᠬᠠᠲᠠᠨᠴᠡᠴᠡᠭ  ᠪᠠᠭ᠍ᠰᠢ