ᠤᠯᠠᠭᠠᠨ ᠬᠠᠳᠠ ( ᠬᠣᠶᠠᠷ ) – ᠭ ᠂ ᠴᠢᠩᠪᠠᠭᠠᠲᠤᠷ Улаан хад (хоёр )  –   Г ᠂ Чинбаатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠯᠠᠭᠠᠨ ᠬᠠᠳᠠ ( ᠬᠣᠶᠠᠷ ) – ᠭ ᠂ ᠴᠢᠩᠪᠠᠭᠠᠲᠤᠷ Улаан хад (хоёр )  –   Г ᠂ Чинбаатар

ᠤᠯᠠᠭᠠᠨ ᠬᠠᠳᠠ ( ᠬᠣᠶᠠᠷ ) – ᠭ ᠂ ᠴᠢᠩᠪᠠᠭᠠᠲᠤᠷ Улаан хад (хоёр )  –   Г ᠂ Чинбаатар

2023-03-04

281

ᠤᠯᠠᠭᠠᠨ ᠬᠠᠳᠠ ( ᠬᠣᠶᠠᠷ )


                  ᠭ ᠂ ᠴᠢᠩᠪᠠᠭᠠᠲᠤᠷ

 ᠠᠳᠤᠭᠤᠨ ᠲᠥᠭᠡᠯᠢ ᠰᠢᠭ᠌ ᠵᠢᠵᠢᠭᠬᠡᠨ ᠲᠣᠯᠣᠭᠠᠢ
 ᠰᠡᠳᠬᠢᠯ ᠎ᠳ᠋ᠦ᠍ ᠮᠢᠨᠢ ᠰᠦᠨᠳᠡᠷᠯᠡᠨ᠎ᠡ
 ᠠᠰᠠᠭᠰᠠᠨ ᠴᠣᠭ ᠰᠢᠬ ᠤᠯᠠᠭᠠᠨ ᠬᠠᠳᠠ
 ᠵᠢᠷᠦᠬᠡᠨ ᠎ᠳ᠋ᠦ᠍ ᠮᠢᠨᠢ ᠳᠦᠷᠡᠯᠵᠡᠨ᠎ᠡ
 ᠲᠡᠷᠡ ᠮᠢᠨᠦ ᠳᠡᠯᠡᠬᠡᠢ ᠎ᠳ᠋ᠦ᠍ ᠢᠷᠡᠭᠰᠡᠨ ᠥᠷᠲᠡᠭᠡ
 ᠲᠡᠷᠡ ᠮᠢᠨᠦ ᠳᠡᠯᠡᠬᠡᠢ ᠡᠴᠡ ᠨᠢᠰᠬᠦ ᠬᠠᠯᠢᠯ

 ᠲᠦᠮᠡᠨ ᠲᠦᠮᠡᠨ ᠠᠭᠤᠯᠠᠰ ᠦ᠋ᠨ ᠳᠤᠮᠳᠠ ᠠ᠋ᠴᠠ
 ᠳᠡᠭᠦᠦ ᠮᠢᠨᠢ ᠶᠤᠮ ᠰᠢᠭ᠌ ᠨᠠᠮ᠎ᠠ ᠶ᠋ᠢ ᠬᠦᠯᠢᠶᠡᠭᠰᠡᠨ
 ᠲᠥᠭᠡᠷᠭᠡ ᠵᠠᠶᠠᠭ᠎ᠠ ᠭᠡᠯᠲᠡᠢᠭᠰᠡᠨ ᠴᠠᠭ ᠲᠤ
 ᠲᠦᠰᠢᠭ ᠪᠣᠯᠵᠤ ᠨᠠᠮ᠎ᠠ ᠶ᠋ᠢ ᠡᠷᠭᠦᠭᠰᠡᠨ
 ᠬᠦᠢᠲᠡᠨ ᠎ᠳ᠋ᠦ᠍ ᠴᠠᠷᠴᠠᠵᠤ ᠬᠦᠬᠡᠷᠡᠨ᠎ᠡ ᠬᠡᠮᠡᠨ ᠦᠭᠡᠢ
 ᠬᠠᠯᠠᠭᠤᠨ ᠎ᠳ᠋ᠤ᠌ ᠬᠠᠯᠠᠵᠤ ᠨᠣᠴᠣᠨ᠎ᠠ ᠬᠡᠮᠡᠨ ᠦᠭᠡᠢ
 ᠪᠣᠷᠣᠭᠠᠨ ᠎ᠳ᠋ᠤ᠌ ᠨᠣᠷᠴᠤ ᠤᠨᠲᠠᠷᠠᠨ᠎ᠠ ᠬᠡᠮᠡᠨ ᠦᠭᠡᠢ
 ᠰᠠᠯᠬᠢᠨ ᠎ᠳ᠋ᠤ᠌ ᠣᠩᠭᠣᠵᠤ ᠰᠡᠪᠲᠦᠨ᠎ᠡ ᠬᠡᠮᠡᠨ ᠦᠭᠡᠢ
 ᠤᠯᠠᠭᠠᠨ ᠬᠠᠳᠠ
 ᠠᠭᠤᠰᠬᠢ ᠬᠠᠲᠠ
 《 ᠵᠢᠷᠦᠬᠡ 》 ᠬᠠᠲᠠ

                   2006.10.8 ᠦᠲᠡᠰᠢ

              ᠦᠰᠦᠭ ᠠᠮᠢᠯᠠᠭᠤᠯᠤᠭᠴᠢ ᠄  ᠿᠦᠩ ᠰᠢ
                    ᠬᠢᠨᠠᠭᠴᠢ ᠄ ᠮᠥᠴᠢᠷ  ᠪᠠᠭ᠍ᠰᠢ