ᠤᠯᠠᠭᠠᠨ ᠪᠦᠴᠡ – ᠭᠦᠷᠵᠠᠪ Улаан бүч  –  Гүржав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠯᠠᠭᠠᠨ ᠪᠦᠴᠡ – ᠭᠦᠷᠵᠠᠪ Улаан бүч  –  Гүржав

ᠤᠯᠠᠭᠠᠨ ᠪᠦᠴᠡ – ᠭᠦᠷᠵᠠᠪ Улаан бүч  –  Гүржав

2023-03-04

286

ᠤᠯᠠᠭᠠᠨ ᠪᠦᠴᠡ


   ᠬᠦᠷᠵᠠᠪ 

 ᠤᠷᠢᠳᠤᠬᠢ ᠬᠥᠮᠦᠰ ᠦ᠋ᠨ 
 ᠤᠷᠤᠰᠬᠠᠭᠰᠠᠨ ᠬᠠᠯᠠᠭᠤᠨ ᠴᠢᠰᠤ 
 ᠤᠯᠤᠰ ᠤ᠋ᠨ ᠲᠤᠭ ᠤ᠋ᠨ 
 ᠤᠯᠠᠯᠵᠠᠭᠰᠠᠨ ᠬᠤᠷᠴᠠ ᠥᠨᠴᠥᠭ 
 ᠤᠯᠠᠭᠠᠨ ᠪᠦᠴᠡ 
 ᠤᠳᠬ᠎ᠠ ᠭᠦᠨ 
 ᠤᠳᠤᠷᠢᠳᠤᠭᠴᠢ ᠲᠥᠷᠥ ᠶ᠋ᠢᠨ  
 ᠣᠯᠭᠣᠭᠰᠠᠨ ᠨᠠᠨᠳᠢᠨ ᠪᠡᠯᠡᠭ  
 ᠤᠨᠠᠭᠠᠨ ᠨᠠᠰᠤᠨ ᠳ᠋ᠠᠭᠠᠨ 
 ᠤᠷᠭᠤᠵᠤ ᠥᠭᠡᠳᠡᠯᠡᠭᠡ ᠶ᠋ᠢᠨ ᠲᠡᠮᠳᠡᠭ 
 ᠤᠯᠠᠭᠠᠨ ᠪᠦᠴᠡ 
 ᠠᠭᠤᠯᠭ᠎ᠠ ᠲᠣᠳᠣ 
 ᠤᠷᠤᠭᠰᠢᠯᠠᠵᠤ ᠳᠠᠪᠰᠢᠬᠤ ᠳ᠋ᠤ᠌
 ᠤᠶᠠᠩᠭᠠᠷᠠᠵᠤ ᠨᠠᠮᠢᠯᠵᠠᠭᠴᠢ ᠵᠢᠭᠦᠷ
 ᠤᠬᠤᠷᠢᠵᠤ ᠵᠣᠭᠰᠣᠩᠭᠢᠷᠠᠬᠤ ᠳ᠋ᠤ᠌
 ᠤᠴᠢᠷᠯᠠᠵᠤ ᠬᠥᠳᠡᠯᠭᠡᠭᠴᠢ ᠬᠦᠴᠦ
 ᠤᠯᠠᠭᠠᠨ ᠪᠦᠴᠡ
 ᠤᠬᠠᠭᠠᠨ ᠪ ᠵᠤᠯᠠ
 ᠠᠭᠤᠷᠯᠠᠵᠤ ᠰᠡᠨᠳᠡᠭᠴᠡᠬᠦ ᠳ᠋ᠦ᠍
 ᠠᠭᠤᠵᠢᠷᠠᠭᠤᠯᠵᠤ ᠨᠠᠮᠤᠭᠤᠳᠬᠠᠭᠴᠢ ᠷᠢᠳᠢ
 ᠤᠨᠲᠠᠵᠤ ᠴᠠᠯᠠᠭᠠᠢᠷᠠᠬᠤ ᠳ᠋ᠤ᠌
 ᠳᠠᠭᠤᠳᠠᠵᠤ ᠰᠡᠷᠢᠭᠡᠭᠴᠢ ᠰᠢᠳᠢ
 ᠤᠯᠠᠭᠠᠨ ᠪᠦᠴᠡ
 ᠡᠭᠦᠷᠢᠳᠡ ᠶ᠋ᠢᠨ ᠮᠢᠨᠢ ᠨᠠᠢᠵᠠ 
 ᠤᠳᠠᠭᠠᠨ ᠬᠣᠨᠣᠭ
 ᠵᠡᠭᠦᠵᠦ ᠶᠠᠪᠤᠬᠤ ᠮᠢᠨᠢ ᠪᠠᠶᠠᠰᠤᠯ
 ᠤᠷᠠᠭᠳᠠᠭᠤᠯᠵᠤ ᠭᠬᠢᠷᠲᠦᠭᠦᠯᠦᠯ ᠦᠭᠡᠢ
 ᠬᠠᠢᠷᠠᠯᠠᠵᠤ ᠡᠷᠬᠢᠮᠨᠡᠬᠦ ᠮᠢᠨᠢ ᠵᠢᠷᠭᠠᠯ
 ᠤᠯᠠᠭᠠᠨ ᠪᠦᠴᠡ
 ᠤᠨᠲᠠᠷᠠᠰᠢ ᠦᠭᠡᠢ ᠲᠥᠯᠥ ᠃

ᠢᠷᠡᠯᠲᠡ – ᠬᠡᠦᠬᠡᠳ ᠨᠠᠰᠤ ᠰᠠᠢᠬᠠᠨ
 ᠬᠦᠷᠵᠠᠪ ᠵᠣᠬᠢᠶᠠᠪᠠ
 ᠥᠪᠥᠷ ᠮᠣᠩᠭᠣᠯ ᠤ᠋ᠨ ᠠᠷᠠᠳ ᠤ᠋ᠨ ᠬᠡᠪᠯᠡᠯ ᠦ᠋ᠨ ᠬᠣᠷᠢᠶ᠎ᠠ ᠬᠡᠪᠯᠡᠭᠦᠯᠪᠡ
 ᠥᠪᠥᠷ ᠮᠣᠩᠭᠣᠯ ᠤ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
 ᠥᠪᠥᠷ ᠮᠣᠩᠭᠣᠯ ᠤ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠳᠪᠦᠷᠢ ᠬᠡᠪᠯᠡᠪᠡ
 2004 ᠣᠨ ᠪ 9 ᠰᠠᠷ᠎ᠠ ᠳ᠋ᠤ᠌ ᠠᠩᠬᠠᠳᠤᠭᠠᠷ ᠬᠡᠪ ᠢ᠋ ᠬᠢᠪᠡ
 2004 ᠣᠨ ᠪ 9 ᠰᠠᠷ᠎ᠠ ᠳ᠋ᠤ᠌ ᠠᠩᠬ᠎ᠠ ᠤᠲᠠᠭ᠎ᠠ ᠬᠡᠪᠯᠡᠪᠡ

 ᠦᠰᠦᠭ ᠠᠮᠢᠯᠠᠭᠤᠯᠤᠭᠴᠢ ᠄ ᠤᠷᠠᠨᠴᠡᠴᠡᠭ
 ᠬᠢᠨᠠᠭᠴᠢ ᠄ ᠪᠠᠶᠠᠷᠴᠡᠴᠡᠭ ᠪᠠᠭᠰᠢ
 2023 ᠣᠨ ᠪ 3 ᠰᠠᠷ᠎ᠠ ᠶ᠋ᠢᠨ 2 ᠪ ᠡᠳᠦᠷ