ᠬᠡᠤᠭᠡᠳ ᠨᠠᠰᠤ ᠰᠠᠶ᠋ᠢᠬᠠᠨ – ᠭᠦᠷᠵᠠᠪ Хуухэд нас сайхан – Гүржав
ᠬᠡᠤᠭᠡᠳ ᠨᠠᠰᠤ ᠰᠠᠶ᠋ᠢᠬᠠᠨ
ᠭᠦᠷᠵᠠᠪ
ᠴᠠᠰᠤᠲᠠᠢ ᠥᠨᠲᠥᠷ ᠣᠷᠭᠢᠯ ᠦ᠋ᠨ
ᠴᠠᠭᠠᠨ᠎ᠠ ᠨᠢ ᠶᠠᠭᠤ ᠪᠠᠶ᠋ᠢᠲᠠᠭ ᠪᠣᠯ ᠭᠡᠵᠦ ᠰᠣᠨᠢᠭᠤᠴᠢᠯᠠᠵᠤ
ᠴᠠᠷᠠᠰᠤᠲᠠᠢ ᠠᠭᠤᠲᠠᠮ ᠬᠥᠨᠲᠡᠢ ᠶ᠋ᠢᠨ
ᠵᠠᠬ᠎ᠠ ᠳ᠋ᠤᠨᠢ ᠨᠢᠭᠡ ᠭᠠᠷᠤᠭᠰᠠᠨ ᠪᠣᠯ ᠡ ᠭᠡᠵᠦ ᠬᠦᠰᠡᠬᠦᠶ᠋ᠢᠴᠢᠯᠡᠵᠦ
ᠴᠠᠭ ᠦᠷᠭᠦᠯᠵᠢ ᠪᠣᠰᠣᠨ ᠰᠠᠭᠤᠨ ᠳᠡᠪᠬᠡᠷᠳᠡᠭ
ᠴᠣᠪᠣᠭᠣ ᠰᠡᠷᠭᠦᠯᠡᠩ
ᠬᠡᠤᠭᠡᠳ ᠨᠠᠰᠤ ᠰᠠᠶ᠋ᠢᠬᠠᠨ !
ᠴᠡᠭ ᠴᠡᠭ ᠦ᠋ᠨ ᠨᠠᠭᠠᠲᠤᠮ ᠶ᠋ᠢᠠᠨ
ᠴᠢᠨᠦ ᠮᠢᠨᠦ ᠭᠡᠵᠦ ᠬᠤᠪᠢᠶᠠᠯ ᠦᠭᠡᠢ — ᠨᠡᠶ᠋ᠢᠯᠡᠭᠦᠯᠵᠦ
ᠵᠢᠭ᠌ ᠵᠢᠭ᠌ ᠦ᠋ᠨ ᠨᠠᠭᠠᠲᠤᠮ ᠶ᠋ᠢᠠᠨ
ᠵᠢᠮᠡᠯᠡᠭᠦᠯᠦᠨᠡ ᠤᠤ ᠪᠤᠷᠤᠭᠤᠰᠢᠶᠠᠯᠭᠠᠨᠠ ᠤᠤ ᠳ᠋ᠠ
ᠰᠡᠵᠢᠭ᠌ᠯᠡᠯ ᠦᠭᠡᠢ — ᠪᠠᠲᠠᠷᠠᠭᠤᠯᠵᠤ
ᠵᠢᠯ ᠦ᠋ᠨ ᠵᠢᠯ ᠳ᠋ᠡᠭᠡᠨ
ᠵᠢᠷᠭᠢᠨ ᠂ ᠲᠠᠭᠤᠯᠠᠨ ᠂ ᠦᠨᠳᠦᠷᠵᠢᠳᠡᠭ
ᠵᠢᠭᠳᠡ ᠡᠰᠡᠷᠡᠭ ᠠᠵᠢᠯᠯᠠᠬ᠋᠎ᠠ ᠲᠣᠭᠯᠠᠭᠠᠮ ᠨᠢ ᠰᠠᠶ᠋ᠢᠬᠠᠨ ᠃
ᠨᠠᠷᠠ ᠲᠠᠢ ᠡᠨᠡ ᠲᠩᠷᠢ ᠶ᠋ᠢ
ᠨᠠᠭᠠᠨ᠎ᠠ ᠠ᠋ᠴᠠ ᠨᠢ ᠶᠠᠭᠤ ᠳᠣᠯᠣᠬ᠋ᠠ ᠲᠡᠢ ᠪᠣᠯ ᠭᠡᠵᠦ
ᠬᠠᠴᠢᠷᠬᠠᠵᠤ
ᠨᠠᠲᠠ ᠲᠠᠢ ᠠᠲᠠᠯᠢ ᠬᠡᠤᠭᠡᠳ
ᠨᠢᠭᠤᠴᠠ ᠶ᠋ᠢ ᠨᠢ ᠬᠡᠵᠢᠶ᠎ᠡ ᠮᠡᠲᠡᠬᠦ ᠪᠣᠯ ᠭᠡᠵᠦ
ᠪᠣᠲᠣᠯᠭᠠᠰᠢᠷᠠᠵᠤ
ᠨᠠᠭᠠᠰᠢ ᠪᠠᠨ ᠂ ᠨᠠᠭᠠᠰᠢ ᠪᠠᠨ
ᠡᠷᠭᠢᠨ ᠂ ᠲᠤᠩᠭᠠᠨ ᠂ ᠭᠢᠯᠠᠯᠵᠠᠲᠠᠭ
ᠨᠢᠯᠬ᠎ᠠ ᠪᠠᠯᠴᠢᠷ
ᠣᠶᠤᠨ ᠰᠡᠤᠠᠬᠢᠬᠦᠢ ᠨᠢ ᠰᠠᠶ᠋ᠢᠬᠠᠨ !
ᠨᠠᠭᠤᠷ ᠦ᠋ᠨ ᠣᠯᠠᠨ ᠰᠢᠪᠠᠭᠤᠳ ᠊ᠢ
ᠨᠤᠲᠤᠭ ᠲᠠᠭᠠᠨ ᠡᠩᠬᠡ ᠪᠠᠶ᠋ᠢᠯᠭᠠᠬᠤ ᠶ᠋ᠢ ᠬᠦᠰᠡᠵᠦ
ᠨᠣᠷ᠎ᠠ ᠶ᠋ᠢᠨ ᠰᠢᠷᠭᠠᠯ ᠵᠡᠭᠡᠷᠡᠳ ᠊ᠢ
ᠨᠢᠭᠦᠯᠲᠦ ᠰᠤᠮᠤ ᠳᠦ
ᠨᠢᠭᠡ ᠶ᠋ᠢ ᠴᠦ᠍ ᠬᠣᠷᠣᠭᠲᠠᠭᠤᠯᠬᠤ ᠦᠭᠡᠢ ᠶ᠋ᠢ ᠰᠠᠨᠠᠵᠤ
ᠨᠠᠮᠤᠷ ᠦ᠋ᠨ ᠤᠷᠲᠤ ᠰᠥᠨᠢ ᠶ᠋ᠢ
ᠨᠣᠶ᠋ᠢᠷ ᠬᠣᠭᠣᠯᠠ ᠦᠭᠡᠢ ᠥᠩᠭᠡᠷᠡᠭᠦᠯᠳᠡᠭ
ᠨᠢᠭᠦᠯᠡᠰᠦᠩᠭᠦᠢ ᠬᠥᠭᠡᠷᠦᠬᠦᠨ
ᠦᠵᠡᠯ ᠰᠡᠤᠠᠬᠢᠯ ᠨᠢ ᠰᠠᠶ᠋ᠢᠬᠠᠨ !
ᠢᠷᠡᠯᠲᠡ – ᠬᠡᠤᠭᠡᠳ ᠨᠠᠰᠤ ᠰᠠᠶ᠋ᠢᠬᠠᠨ
ᠭᠦᠷᠵᠠᠪ ᠵᠣᠬᠢᠶᠠᠪᠠ
ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠪᠡ
ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
2004 ᠣᠨ ᠪ 9 ᠰᠠᠷ᠎ᠠ ᠳᠦ ᠠᠩᠬᠠᠲᠤᠭᠠᠷ ᠬᠡᠪ ᠊ᠢ ᠬᠢᠪᠡ
2004 ᠣᠨ ᠪ 9 ᠰᠠᠷ᠎ᠠ ᠳᠦ ᠠᠩᠬ᠎ᠠ ᠤᠲᠠᠬ᠋᠎ᠠ ᠬᠡᠪᠯᠡᠪᠡ
ᠦᠰᠦᠭ ᠠᠮᠢᠯᠠᠭᠤᠯᠤᠭᠴᠢ ᠄ ᠳᠠᠰᠢᠮ᠎ᠠ
ᠬᠢᠨᠠᠭᠴᠢ ᠄ ᠪᠠᠶᠠᠷᠴᠡᠴᠡᠭ ᠪᠠᠭᠰᠢ
2023 ᠣᠨ ᠪ 3 ᠰᠠᠷ᠎ᠠ ᠶ᠋ᠢᠨ 1 ᠪ ᠡᠲᠦᠷ
