ᠠᠲᠤᠭᠤᠴᠢᠨ ᠪ ᠲᠠᠭᠤᠤ – ᠯ · ᠤᠤᠨᠽᠠᠷ Адуучны дуу – Л · Одзар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠲᠤᠭᠤᠴᠢᠨ ᠪ ᠲᠠᠭᠤᠤ – ᠯ · ᠤᠤᠨᠽᠠᠷ Адуучны дуу – Л · Одзар

ᠠᠲᠤᠭᠤᠴᠢᠨ ᠪ ᠲᠠᠭᠤᠤ – ᠯ · ᠤᠤᠨᠽᠠᠷ Адуучны дуу – Л · Одзар

2023-03-04

462

ᠠᠲᠤᠭᠤᠴᠢᠨ ᠪ ᠲᠠᠭᠤᠤ


                        ᠯ  · ᠤᠤᠨᠽᠠᠷ

       ᠠᠲᠤᠭᠤᠴᠢᠨ ᠪᠢ

 ᠤᠷᠴᠢᠯᠠᠩ ᠊ᠢ ᠬᠡᠮᠵᠢᠭᠰᠡᠨ ᠨᠢ ᠤᠨᠠᠬ᠋᠎ᠠ ᠶ᠋ᠢᠨ ᠮᠢᠨᠢ ᠲᠤᠭᠤᠷᠠᠢ
 ᠤᠭᠲᠠᠷᠭᠤᠢ ᠶ᠋ᠢ ᠬᠡᠮᠵᠢᠭᠰᠡᠨ ᠨᠢ ᠤᠷᠬ᠋᠎ᠠ ᠶ᠋ᠢᠨ ᠮᠢᠨᠢ ᠦᠵᠦᠭᠦᠷ
 ᠤᠲᠤᠲᠠᠢ ᠴᠤᠭᠲᠠᠢ ᠮᠤᠩᠭᠤᠯ ᠬᠦᠮᠦᠨ ᠪ ᠦᠷ᠎ᠡ
 ᠤᠯᠲᠠᠰᠢ ᠦᠭᠡᠢ ᠰᠠᠶ᠋ᠢᠨ ᠬᠦᠮᠦᠨ ᠪ ᠨᠢᠭᠡ ᠃

 ᠪᠤᠭᠤᠮᠢ ᠶ᠋ᠢᠨ ᠦᠵᠦᠭᠦᠷ ᠤᠬᠤᠷ ᠪᠤᠯᠪᠠᠴᠤ ᠵᠠᠩᠭᠢᠷᠠᠬ᠋᠎ᠠ ᠦᠭᠡᠢ
 ᠪᠤᠲᠤᠯ ᠦ᠋ᠨ  ᠲᠡᠭᠷᠢ ᠨᠠᠮᠬᠠᠨ ᠪᠤᠯᠪᠠᠴᠤ ᠡᠬᠦᠯᠡ ᠦᠭᠡᠢ
 ᠪᠤᠷᠤ ᠭᠡᠷ ᠪᠤᠯᠬᠢ ᠪᠤᠯᠪᠠᠴᠤ ᠤᠲᠤᠭ᠎ᠡ ᠦᠭᠡᠢ
 ᠪᠤᠰᠤᠭ᠎ᠡ ᠲᠦᠷᠦᠭᠡ ᠦᠯᠬᠢ ᠪᠤᠯᠪᠠᠴᠤ ᠴᠠᠪᠠ ᠦᠭᠡᠢ ᠃

 ᠡᠯᠢᠬᠡᠨ ᠳ᠋ᠡᠭᠡᠨ ᠨᠠᠷᠠ ᠨᠠᠮ᠎ᠠ ᠶ᠋ᠢ ᠲᠡᠪᠡᠷᠢᠭᠰᠡᠭᠡᠷ
 ᠡᠮᠡᠭᠡᠯ ᠲᠡᠭᠡᠷ᠎ᠡ ᠰᠤᠪᠤᠷᠬ᠋᠎ᠠ ᠬᠡᠵᠦ ᠰᠠᠭᠤᠯᠭᠠᠭᠰᠠᠨ ᠶᠤᠮ ᠃
 ᠡᠩᠬᠡᠷ  ᠲᠡᠭᠡᠨ ᠰᠠᠯᠬᠢ ᠨᠠᠮ᠎ᠠ ᠶ᠋ᠢ ᠢᠯᠪᠢᠭᠰᠡᠭᠡᠷ
 ᠡᠷ᠎ᠡ ᠶ᠋ᠢᠨ ᠲᠤᠮᠲᠠ ᠬᠠᠲᠠ ᠬᠡᠵᠦ ᠵᠤᠭᠰᠤᠭᠠᠭᠰᠠᠨ ᠶᠤᠮ ᠃

 ᠵᠡᠷᠭᠡᠯᠭᠡᠨ ᠵᠠᠶ᠋ᠢᠲᠠᠯᠠᠭᠰᠠᠨ ᠤᠯᠠᠭᠠᠨ ᠡᠭᠦᠯᠡᠨ ᠪ ᠭᠤᠭᠴᠤᠭ᠎ᠡ
 ᠵᠡᠭᠡᠷᠲᠡ ᠮᠤᠷᠢᠨ ᠪ ᠮᠢᠨᠢ ᠤᠩᠭᠤᠨ ᠲᠡᠯ ᠦ᠋ᠨ ᠪᠤᠲᠠᠷᠠᠬ᠋᠎ᠠ
 ᠵᠡᠭᠡᠷ᠎ᠡ ᠨᠢᠭᠤᠴᠠᠯᠠᠭᠰᠠᠨ ᠨᠤᠭᠤᠭᠠᠨ ᠡᠪᠡᠰᠦᠨ ᠪ ᠲᠤᠯᠭᠢᠶ᠎ᠡ
 ᠵᠢᠷᠦᠬᠡ ᠰᠡᠤᠠᠭᠢᠯ ᠦ᠋ᠨ ᠮᠢᠨᠢ ᠲᠠᠷᠬᠠᠨ ᠲᠤᠭ ᠦ᠋ᠨ ᠨᠠᠮᠢᠷᠠᠬ᠋᠎ᠠ

 ᠡᠬᠡ ᠪᠠᠨ ᠠᠯᠲᠠᠬᠰᠠᠨ  ᠦᠨᠦᠴᠢᠨ ᠴᠠᠭᠠᠨ ᠪᠤᠲᠤᠭᠤ ᠶ᠋ᠢ ᠪᠠᠨ
 ᠡᠨᠡᠷᠢᠵᠦ ᠪᠠᠶ᠋ᠢᠭᠠᠳ ᠨᠢᠯᠪᠤᠰᠤ ᠪᠠᠨ ᠤᠨᠠᠭᠠᠲᠠᠭ ᠵᠦᠭᠡᠯᠡᠨ ᠵᠠᠩ ᠲᠠᠢ ᠃
 ᠡᠵᠡᠨ ᠶ᠋ᠢᠡᠨ ᠪᠠᠰᠤᠭᠰᠠᠨ ᠭᠠᠩᠭᠠᠩ ᠬᠠᠷ᠎ᠠ ᠮᠤᠷᠢ ᠶ᠋ᠢ ᠪᠡᠨ
 ᠡᠷᠭᠢᠭᠦᠯᠵᠦ ᠪᠠᠶ᠋ᠢᠬᠰᠠᠭᠠᠷ ᠤᠷᠬ᠋᠎ᠠ ᠪᠠᠨ ᠬᠤᠭᠤᠯᠲᠠᠭ ᠬᠠᠲᠠᠭᠤ ᠭᠠᠷ ᠲᠠᠢ ᠃

 ᠨᠠᠷᠠᠨ ᠪ ᠰᠠᠶ᠋ᠢᠬᠠᠨ  ᠳᠦ ᠡᠭᠦᠯᠡᠨ ᠲᠤᠯᠤᠭᠠᠢ ᠶ᠋ᠢ ᠲᠠᠷᠤᠵᠤ
 ᠨᠠᠰᠤᠨ ᠪ ᠰᠠᠶ᠋ᠢᠬᠠᠨ  ᠳᠦ ᠠᠭᠤᠯᠠᠨ ᠲᠤᠯᠤᠭᠠᠢ ᠶ᠋ᠢ ᠲᠠᠷᠤᠵᠤ
 ᠨᠠᠪᠴᠢᠨ ᠴᠢᠮᠡᠭᠲᠦ ᠨᠤᠭᠤᠭᠠᠨ ᠲᠡᠯᠡᠬᠡᠢ ᠶ᠋ᠢᠨ ᠨᠢᠷᠤᠭᠤᠨ  ᠳᠦ
 ᠨᠠᠭᠠᠯᠲᠤᠵᠤ ᠶᠠᠪᠤᠬ᠋᠎ᠠ ᠬᠥᠮᠦᠨ ᠪ ᠦᠷ᠎ᠡ ᠪᠢ

 ᠠᠲᠤᠭᠤᠨ ᠳ᠋ᠠᠭᠠᠨ ᠭᠡᠪᠡᠯ  ᠬᠥᠯᠥᠭ ᠦ᠋ᠨ ᠲᠤᠭᠤᠰᠤᠨ  ᠳᠦ ᠲᠠᠷᠤᠭᠲᠠᠬᠤ ᠦᠭᠡᠢ
 ᠠᠲᠠᠭᠠᠨ  ᠳ᠋ᠠᠭᠠᠨ ᠬᠡᠪᠡᠯ ᠬᠦᠮᠦᠨ ᠪ ᠲᠤᠭᠤᠰᠤᠨ  ᠳᠦ  ᠪᠤᠯᠠᠭᠲᠠᠬᠤ ᠦᠭᠡᠢ
 ᠠᠪᠤ ᠡᠴᠡ ᠰᠤᠷᠤᠭᠰᠠᠨ 《 ᠡᠭᠦᠯᠡᠨ ᠬᠥᠬᠡ 》 ᠪᠠᠨ ᠠᠶᠠᠯᠭᠤᠯᠠᠭᠠᠳ ᠯᠡ
 ᠠᠭᠲᠠ ᠵᠢᠨ ᠨᠢᠷᠤᠭᠤᠨ ᠡᠴᠡ ᠠᠭᠤᠯᠠᠨ ᠵᠢᠨ ᠨᠢᠷᠤᠭᠤ ᠶ᠋ᠢ ᠢᠯᠪᠢᠭᠡᠳ ᠯᠡ

 ᠬᠦᠯ ᠠᠯᠲᠠᠭᠤᠯᠬᠤ ᠬᠦᠮᠦᠨ ᠪ ᠰᠡᠤᠠᠭᠢᠯ ᠦ᠋ᠨ ᠱᠤᠤᠭᠢᠶᠠᠨ  ᠳᠦ ᠪᠤᠯ
 ᠬᠦᠲᠡᠯᠦᠰᠢ ᠦᠬᠡᠢ ᠠᠭᠤᠯᠠ ᠪᠤᠯᠵᠤ ᠰᠡᠭᠦᠶ᠋ᠢᠵᠦ ᠶᠠᠪᠤᠨ᠎ᠠ ᠃
 ᠬᠥᠯᠥᠭ ᠰᠢᠯᠭᠠᠬᠤ ᠠᠮᠢᠲᠤᠷᠠᠯ ᠦ᠋ᠨ ᠦᠨᠲᠦᠷ ᠲᠠᠪᠠᠭᠠᠨ  ᠳᠦ ᠪᠤᠯ
 ᠭᠦᠯᠲᠡᠰᠢ ᠦᠭᠡᠢ ᠨᠠᠷᠠᠰᠤ ᠪᠤᠯᠵᠤ ᠤᠷᠭᠤᠵᠤ ᠶᠠᠪᠤᠨ᠎ᠠ ᠃

      ᠬᠠᠲᠠᠭᠠᠰᠤ

 ᠲᠤᠷᠭ᠎ᠡ ᠠᠲᠠᠯᠢ ᠬᠦᠬᠡ  ᠲᠡᠭᠷᠢ ᠎ ᠳᠦ ᠬᠢᠯᠠᠯᠵᠠᠬᠤ
 ᠲᠤᠪᠤᠷᠤᠤ ᠠᠲᠠᠯᠢ ᠮᠦᠩᠭᠦᠨ ᠤᠲᠤᠳ  ᠊ᠢ ᠬᠠᠷᠠᠭᠠᠳ
 ᠲᠤᠭᠲᠠᠵᠤ ᠪᠠᠶ᠋ᠢᠬ᠋᠎ᠠ ᠶᠢᠰᠦᠨ ᠲᠠᠪᠬᠤᠷ ᠲᠤ
 ᠲᠤᠷᠭᠤᠭᠠᠵᠤ ᠲᠠᠯᠪᠢᠬᠰᠠᠨ ᠡᠩᠬᠡ ᠶ᠋ᠢᠨ ᠬᠠᠲᠠᠭᠠᠰᠤ ᠪᠡᠷ ᠰᠠᠨᠠᠯ᠎ᠠ ᠃

 ᠲᠡᠰᠡᠮ ᠠᠲᠠᠯᠢ ᠨᠤᠭᠤᠭᠠᠨ ᠲᠠᠯ᠎ᠠ  ᠳᠦ ᠴᠠᠶ᠋ᠢᠯᠵᠠᠬᠤ
 ᠲᠠᠨ᠎ᠠ ᠠᠲᠠᠯᠢ ᠮᠤᠩᠭᠤᠯ ᠭᠡᠷ ᠎ᠢᠶᠠᠨ ᠰᠢᠷᠲᠡᠭᠡᠳ
 ᠲᠠᠷᠬᠠᠵᠤ ᠪᠠᠶ᠋ᠢᠬ᠋᠎ᠠ ᠮᠢᠩᠭᠠᠨ ᠭᠠᠵᠠᠷ ᠦ᠋ᠨ ᠨᠤᠲᠤᠭ ᠊ᠢ
 ᠲᠡᠪᠯᠡᠵᠦ ᠲᠠᠯᠪᠢᠬᠰᠠᠨ ᠮᠦᠩᠬᠡ ᠵᠢᠨ ᠬᠠᠲᠠᠭᠠᠰᠤ ᠪᠡᠷ ᠪᠤᠲᠤᠯ᠎ᠠ ᠃

 ᠤᠲᠤᠨ ᠴᠠᠭᠠᠨ ᠮᠦᠩᠬᠡ ᠶ᠋ᠢᠨ ᠬᠠᠲᠠᠭᠠᠰᠤ ᠦᠭᠡᠢ ᠪᠤᠯ
 ᠤᠭᠲᠠᠷᠭᠤᠢ ᠬᠡᠵᠤ ᠬᠦᠮᠦᠷᠢᠭᠡᠳ ᠲᠤᠷᠤᠭᠰᠢ ᠪᠠᠨ ᠪᠠᠭᠤᠨ᠎ᠠ ᠪᠠᠶ᠋ᠢᠬᠤ ᠡ ᠃
 ᠤᠷᠲᠤᠨ ᠴᠠᠭᠠᠨ ᠡᠩᠬᠡ ᠶ᠋ᠢᠨ ᠬᠠᠲᠠᠭᠠᠰᠤ ᠦᠭᠡᠢ ᠪᠣᠯ
 ᠤᠷᠴᠢᠯᠠᠩ ᠬᠡᠵᠦ ᠬᠦᠷᠪᠡᠭᠡᠳ ᠴᠠᠰᠢ ᠪᠠᠨ ᠶᠠᠪᠤᠨ᠎ᠠ ᠪᠠᠶ᠋ᠢᠬᠤ ᠡ !

        ᠪᠡᠷᠬᠡ ᠶ᠋ᠢᠨ ᠲᠤᠷᠠᠤᠠᠬᠠᠯ

 ᠪᠡᠷᠬᠡ ᠭᠡᠵᠦ ᠪᠡᠷᠬᠡ ᠶ᠋ᠢᠨ ᠰᠠᠶ᠋ᠢᠬᠠᠨ ᠭᠠᠵᠠᠷ
 ᠪᠡᠯᠴᠢᠭᠡᠷ  ᠡᠯᠲᠡᠩ ᠬᠦᠮᠦᠨ ᠴᠦᠭᠡᠨ ᠨᠤᠲᠤᠭ
 ᠪᠡᠷᠬᠡ ᠯᠡ ᠪᠤᠯ ᠪᠡᠷᠭᠡ ᠪᠠᠨ ᠡᠷᠢᠭᠡᠳ ᠤᠴᠢᠲᠠᠭ ᠶ᠋ᠢᠠᠷ ᠶ᠋ᠢᠠᠨ
 ᠪᠡᠷᠬᠡ ᠬᠡᠪᠡᠯ ᠨᠤᠲᠤᠭ ᠡᠴᠡ ᠰᠠᠶ᠋ᠢᠬᠠᠨ ᠰᠠᠨᠠᠭᠲᠠᠨ᠎ᠠ ᠃

 ᠲᠦᠴᠢᠨ ᠵᠢᠯ ᠦ᠋ᠨ ᠡᠮᠦᠨ᠎ᠡ ᠪᠡᠴᠢᠨ ᠵᠢᠯ ᠦ᠋ᠨ ᠵᠤᠨ
 ᠲᠦᠷᠪᠡᠭᠡᠨ ᠡᠴᠡ ᠵᠠᠶ᠋ᠢᠯᠠᠵᠤ ᠪᠡᠷᠭᠡ ᠎ ᠳᠦ ᠪᠢᠲᠡ ᠰᠢᠷᠭᠤᠭᠰᠠᠨ ᠶᠤᠮ ᠃
 ᠲᠦᠭᠦᠮ ᠵᠢᠯᠠᠬ᠋᠎ᠠ ᠠᠯᠢ ᠪᠡᠷᠬᠡ ᠶ᠋ᠢ ᠨᠢ ᠡᠷᠢᠬᠦ ᠬᠡᠵᠦ
 ᠲᠦᠷᠦᠭᠡᠨ ᠲᠠᠪᠠᠭ ᠶ᠋ᠢᠠᠨ ᠨᠤᠭᠤᠭᠠᠨ ᠪᠤᠯᠲᠠᠯ᠎ᠡ ᠶᠠᠪᠤᠭᠰᠠᠨ ᠶᠤᠮ ᠃

 ᠬᠤᠶ᠋ᠢᠰᠢ ᠪᠠᠨ ᠬᠠᠷᠠᠬᠤ  ᠳᠦ ᠲᠡᠭᠡᠷᠡᠮ ᠦ᠋ᠨ ᠲᠤᠭᠤᠰᠤ ᠦᠭᠡᠢ  ᠳᠦ ᠯᠡ
 ᠬᠤᠨᠤᠭ ᠦᠨᠵᠢᠭᠦ  ᠳᠦ ᠨᠡᠬᠡᠮᠡᠷ ᠮᠠᠶᠢᠬ ᠠᠯᠠᠬ᠋᠎ᠠ ᠎ ᠳᠦ ᠯᠡ
 ᠬᠣᠷᠸ᠋᠎ᠠ ᠡᠴᠡ ᠰᠠᠯᠤᠭᠰᠠᠨ  ᠰᠢᠭ᠋ ᠰᠠᠨᠠᠬ᠋᠎ᠠ ᠠᠮᠠᠷᠠᠭᠰᠠᠨ ᠤᠯᠤᠰ
 ᠬᠤᠶᠠᠷ ᠭᠤᠷᠪᠠ ᠪᠡᠷ ᠪᠡᠷᠬᠡ ᠶ᠋ᠢᠨ ᠪᠡᠷᠬᠡ ᠎ ᠳᠦ ᠪᠠᠭᠤᠭᠰᠠᠨ ᠶᠤᠮ ᠃

 ᠪᠡᠷᠬᠡ ᠎ᠳ᠋ᠤ᠌ ᠪᠠᠭᠤᠭᠰᠠᠨ ᠲᠡᠷᠡ ᠵᠤᠨ ᠡᠴᠡ ᠡᠬᠢᠯᠡᠬᠡᠳ
 ᠪᠡᠷᠬᠡ ᠶ᠋ᠢᠨ ᠪᠡᠷᠬᠡ ᠴᠦ᠍ ᠮᠠᠨ ᠪ ᠪᠡᠷᠬᠡ ᠪᠤᠯᠤᠭᠰᠠᠨ ᠶᠤᠮ ᠃
 ᠪᠠᠴᠢᠨ ᠵᠢᠯ ᠡᠴᠡ ᠤᠲᠤ ᠪᠤᠯᠲᠠᠯ᠎ᠡ ᠰᠢᠷᠭᠤᠭᠰᠠᠨ  ᠶ᠋ᠢᠠᠷ ᠶ᠋ᠢᠠᠨ
 《 ᠪᠡᠷᠬᠡ ᠶ᠋ᠢᠨ ᠤᠯᠤᠰ 》 ᠰᠠᠶ᠋ᠢᠬᠠᠨ ᠨᠡᠷ᠎ᠡ ᠶ᠋ᠢ ᠤᠯᠤᠭᠰᠠᠨ ᠶᠤᠮ ᠃

 ᠰᠠᠨᠠᠬ᠋᠎ᠠ ᠠᠮᠤᠷ ᠶᠠᠪᠤᠵᠤ ᠰᠤᠷᠤᠭᠰᠠᠨ ᠤᠯᠤᠰ ᠲᠤ
 ᠰᠠᠶ᠋ᠢᠬᠠᠨ ᠭᠠᠵᠠᠷ ᠨᠢ ᠪᠡᠷᠬᠡ  ᠭᠠᠵᠠᠷ ᠪᠤᠯᠬᠤᠷ
 ᠰᠠᠨᠲᠤᠷᠴᠤ ᠢᠷᠡᠭᠰᠡᠨ ᠪᠡᠷᠬᠡ ᠶ᠋ᠢᠨ ᠪᠢᠲᠡᠭᠦᠦ ᠮᠠᠩᠬ᠎ᠠ ᠨᠢ
 ᠰᠠᠯᠵᠤ ᠴᠢᠲᠠᠬᠤ ᠦᠭᠡᠢ ᠬᠤᠪᠢᠲᠠᠢ ᠭᠠᠵᠠᠷ ᠪᠤᠯᠤᠭᠰᠠᠨ ᠶᠤᠮ ᠃

 ᠮᠠᠩᠬ᠎ᠠ ᠭᠡᠪᠡᠯ ᠨᠤᠲᠤᠭ ᠶ᠋ᠢᠠᠨ ᠬᠠᠶᠠᠬᠤ ᠵᠠᠩ ᠴᠦ᠍
 ᠮᠠᠨ ᠪ ᠭᠠᠵᠠᠷ ᠦ᠋ᠨ ᠰᠠᠶ᠋ᠢᠬᠠᠨ ᠵᠠᠩ ᠪᠤᠯᠤᠭᠠᠳ
 ᠮᠠᠨᠲᠤᠵᠤ ᠪᠠᠶ᠋ᠢᠬᠰᠠᠨ ᠬᠡᠢ ᠮᠤᠷᠢ ᠵᠢᠨ ᠲᠠᠷᠴᠤᠭ ᠴᠦ᠍
 ᠮᠠᠨᠠᠷᠠᠵᠤ ᠪᠠᠶ᠋ᠢᠬ᠋᠎ᠠ ᠡᠯᠡᠰᠦᠨ  ᠳᠦ ᠳᠦ ᠬᠡᠶ᠋ᠢᠰᠬᠦ ᠪᠤᠯᠤᠭᠰᠠᠨ ᠶᠤᠮ ᠃

 ᠤᠷᠴᠢᠯᠠᠩ ᠡᠴᠡ ᠪᠢᠲᠡ ᠮᠠᠩᠬ᠎ᠠ ᠪᠠᠷ ᠢᠩᠭᠢᠵᠦ ᠲᠠᠰᠤᠯᠤᠭᠲᠠᠭᠠᠳ
 ᠤᠯᠠᠨ  ᠡᠴᠡ  ᠪᠢᠲᠡ ᠡᠯᠡᠰᠦ ᠪᠡᠷ ᠢᠩᠭᠢᠵᠦ ᠬᠠᠰᠢᠬᠲᠠᠭᠠᠳ
 ᠤᠯᠲᠠᠭᠰᠠᠨ ᠬᠡᠲᠦᠨ ᠰᠢᠬᠢᠷ᠎ᠡ ᠲᠤᠯᠤᠭᠠᠢ ᠶ᠋ᠢᠨ ᠬᠠᠮᠲᠤ
 ᠤᠨ ᠪ ᠬᠦᠷᠲᠦ ᠶ᠋ᠢ ᠴᠢᠷᠴᠦ ᠶᠠᠪᠤᠬᠤ ᠪᠤᠯᠤᠯ᠎ᠡ ᠃

 ᠤᠲᠤ ᠰᠤᠨᠤᠰᠬᠤ  ᠳᠦ ᠬᠠᠷ᠎ᠠ ᠲᠤᠯᠤᠭᠠᠢ ᠠᠮᠢᠲᠠᠨ
 ᠤᠲᠤᠨ ᠪ ᠲᠡᠭᠡᠷ᠎ᠡ ᠴᠦ᠍ ᠮᠦᠷ ᠶ᠋ᠢᠡᠨ ᠦᠯᠡᠲᠡᠬᠡᠵᠦ ᠶᠠᠪᠤᠨ᠎ᠠ ᠃
 ᠤᠭᠤ ᠭᠠᠭᠴᠠ ᠮᠠᠨ ᠪ ᠪᠡᠷᠬᠡ ᠶ᠋ᠢᠨ ᠤᠯᠤᠰ ᠯᠡ
 ᠤᠴᠢᠬᠤ ᠵᠠᠮ ᠶ᠋ᠢᠠᠨ ᠮᠠᠩᠬ᠎ᠠ ᠪᠡᠷ ᠲᠠᠷᠤᠭᠤᠯᠵᠤ ᠶᠠᠪᠤᠨ᠎ᠠ ᠃

 ᠮᠠᠩᠬᠠᠨ ᠲᠤᠲᠤᠷ᠎ᠡ ᠦᠴᠦᠭᠡᠲᠦᠷ ᠦ᠋ᠨ ᠨᠠᠷᠠ ᠵᠢ ᠪᠤᠯᠠᠭᠰᠠᠨ
 ᠮᠠᠨ ᠪ ᠦᠶ᠎ᠡ ᠶ᠋ᠢᠨ ᠨᠢᠬᠡᠨ ᠴᠠᠭ ᠦ᠋ᠨ ᠤᠰᠤᠯ ᠃
 ᠮᠠᠷᠭᠠᠰᠢ ᠶ᠋ᠢᠨ ᠨᠠᠷᠠ ᠶ᠋ᠢ ᠡᠷᠭᠦᠵᠦ ᠶᠠᠪᠤᠬᠤ ᠲᠠᠨᠤᠰ
 ᠮᠠᠩᠬᠠᠨ ᠲᠤᠲᠤᠷ᠎ᠡ ᠡᠴᠡ ᠬᠦᠯ ᠪᠠᠨ ᠤᠷᠢᠲᠠ  ᠪᠡᠷ ᠰᠤᠭᠤᠯ !

 ᠪᠡᠷᠬᠡ ᠶ᠋ᠢᠨ ᠪᠡᠷᠬᠡ ᠬᠡᠴᠢᠨᠡᠨ ᠰᠠᠶ᠋ᠢᠬᠠᠨ ᠪᠤᠯᠪᠠᠴᠤ
 ᠪᠡᠯᠴᠢᠭᠡᠷ ᠡᠯᠲᠡᠩ ᠬᠦᠮᠦᠨ ᠴᠦᠬᠡᠨ ᠯᠡ ᠭᠠᠵᠠᠷ ᠃
 ᠪᠡᠴᠢᠨ ᠵᠢᠯ ᠬᠦᠯ ᠠᠯᠲᠠᠭᠰᠠᠨ ᠴᠦ᠍ ᠦᠭᠡᠢ ᠪᠣᠯ
 ᠪᠡᠷᠬᠡ ᠶ᠋ᠢᠨ ᠮᠠᠩᠬ᠎ᠠ ᠪᠢᠲᠡᠨ ᠊ᠢ ᠶᠠᠭᠠᠭᠢᠵᠤ ᠲᠠᠷᠤᠬᠤ ᠪᠤᠢ ᠃

 ᠡᠴᠢᠭᠡ ᠶ᠋ᠢᠨ ᠶ᠋ᠢᠡᠨ ᠶᠠᠷᠢᠬᠰᠠᠨ ᠪᠡᠷᠬᠡ ᠶ᠋ᠢᠨ ᠡᠨᠡ ᠲᠤᠷᠠᠤᠠᠬᠠᠯ ᠊ᠢ
 ᠡᠷᠬᠢᠭᠡᠳ ᠴᠠᠰᠢ ᠪᠠᠨ ᠬᠦᠦ ᠳ᠋ᠡᠭᠡᠨ ᠴᠢ ᠶᠠᠷᠢᠵᠤ ᠪᠠᠢ ᠃
 ᠡᠯᠡᠰᠦ ᠪᠢᠰᠢ ᠶᠡᠬᠡ ᠦᠢᠯᠡᠰ ᠦ᠋ᠨ ᠦᠨᠲᠦᠷ ᠲᠦ
 ᠡᠯᠢᠭᠡᠲᠡᠵᠦ ᠭᠠᠷᠬᠤ ᠰᠦᠰᠦ ᠵᠢ ᠴᠢ ᠪᠠᠷᠢᠭᠤᠯᠵᠤ ᠪᠠᠢ ᠃

 ᠰᠦᠰᠦ ᠦᠭᠡᠢ ᠬᠦᠦ ᠶ᠋ᠢ ᠪᠢ ᠦᠷᠦᠰᠢᠶᠡᠬᠦ ᠦᠭᠡᠢ
 ᠰᠦᠨᠡᠰᠦ ᠦᠭᠡᠢ ᠬᠦᠮᠦᠨ ᠊ᠢ ᠪᠢ ᠲᠠᠭᠠᠰᠢᠶᠠᠬᠤ ᠦᠭᠡᠢ
 ᠰᠦᠷ ᠰᠦᠯᠲᠡ ᠲᠠᠢ ᠡᠷ᠎ᠡ ᠰᠢᠭ᠌ ᠡᠷᠡᠴᠦᠳ
 ᠰᠦᠨᠢ ᠶ᠋ᠢᠨ ᠤᠲᠤ ᠰᠢᠭ᠋ ᠪᠡᠷᠬᠡ ᠶ᠋ᠢᠨ ᠨᠤᠲᠤᠭ ᠲᠤ ᠢᠯᠡᠷᠡᠵᠦ ᠪᠠᠢ !

       ᠠᠲᠤᠭᠤᠴᠢᠨ ᠰᠢᠪᠠᠭᠤ

 ᠬᠤᠷ ᠲᠡᠯ ᠳ᠋ᠡᠭᠡᠨ ᠡᠭᠦᠯᠡ ᠵᠠᠩᠭᠢᠲᠤᠮ᠎ᠡ
 ᠬᠤᠷᠲᠤᠯᠠᠵᠤ ᠶᠠᠪᠤᠬᠤ ᠠᠲᠤᠭᠤᠨ ᠰᠦᠷᠦᠭ ᠊ᠢ
 ᠬᠤᠰᠤᠨ ᠤᠷᠭᠠᠨ ᠳ᠋ᠠᠭᠠᠨ ᠠᠭᠤᠯᠠ ᠲᠤᠭᠲᠠᠭᠠᠮ᠎ᠡ
 ᠬᠤᠷᠢᠶᠠᠵᠤ ᠶᠠᠪᠤᠬᠤ ᠮᠢᠨᠤ ᠠᠷᠤ ᠠ᠋ᠴᠠ
 ᠠᠲᠤᠭᠤᠴᠢᠨ ᠰᠢᠪᠠᠭᠤ ᠢᠰᠭᠡᠷᠴᠦ ᠶᠠᠪᠤᠨ᠎ᠠ
 ᠠ ᠳ᠋ᠠ ᠂ ᠰᠠᠶ᠋ᠢᠬᠠᠨ ᠴᠦ᠍ ᠪᠠᠶ᠋ᠢᠨ᠎ᠠ ᠃

 ᠨᠠᠭᠠᠤᠠᠴᠤ ᠪᠠᠶ᠋ᠢᠬᠰᠠᠨ ᠬᠡᠬᠡᠷ᠎ᠡ ᠶ᠋ᠢᠨ ᠰᠠᠶ᠋ᠢᠬᠠᠨ ᠵᠡᠷᠭᠡᠯᠭᠡᠨ ᠊ᠢ
 ᠨᠠᠤᠠᠬᠤᠵᠤ ᠪᠠᠶ᠋ᠢᠬ᠋᠎ᠠ ᠵᠡᠭᠡᠷ᠎ᠡ ᠠᠲᠠᠯᠢ ᠦᠷᠭᠦᠭᠡᠭᠡᠳ
 ᠨᠠᠢ᠍ᠮᠠᠨ ᠵᠢᠰᠦᠮ ᠦ᠋ᠨ ᠮᠢᠨᠤ ᠪᠠᠶᠠᠨ ᠰᠦᠷᠦᠭ
 ᠨᠠᠷᠠ ᠲᠠᠢ ᠲᠠᠯ᠎ᠠ ᠪᠡᠷ ᠡᠭᠦᠯᠡᠨ ᠲᠤᠤᠭᠤᠷ ᠦᠩᠭᠡᠷᠡᠬᠦ  ᠳᠦ
 ᠠᠲᠤᠭᠤᠴᠢᠨ ᠰᠢᠪᠠᠭᠤ ᠢᠰᠭᠡᠷᠴᠦ ᠶᠠᠪᠤᠨ᠎ᠠ
 ᠠ ᠳ᠋ᠠ ᠂ ᠰᠠᠶ᠋ᠢᠬᠠᠨ ᠃

 ᠠᠲᠤᠭᠤᠴᠢᠨ ᠭᠡᠳᠡᠭ ᠰᠠᠶ᠋ᠢᠬᠠᠨ ᠨᠡᠷ᠎ᠡ ᠶ᠋ᠢ ᠭᠤᠲᠤᠭᠠᠯ ᠦᠭᠡᠢ
 ᠠᠮᠢᠲᠤᠷᠠᠯ  ᠭᠡᠳᠡᠭ ᠰᠠᠶ᠋ᠢᠨ ᠡᠷ᠎ᠡ ᠶ᠋ᠢ ᠭᠤᠮᠤᠲᠠᠭᠠᠯ ᠦᠭᠡᠢ
 ᠠᠯᠲᠠᠨ ᠲᠡᠯᠡᠬᠡᠢ  ᠳᠦ ᠭᠠᠯᠭᠢᠭᠤᠯᠵᠤ ᠶᠠᠪᠤᠬ᠋᠎ᠠ ᠬᠦᠮᠦᠨ ᠪ ᠠᠷᠤ ᠡᠴᠡ
 ᠠᠤᠠᠬᠤᠨ ᠴᠢᠨᠡᠬᠡ ᠪᠤᠯᠵᠤᠮᠤᠷ ᠬᠦᠷᠲᠡᠯ᠎ᠡ ᠨᠡᠬᠡᠵᠦ ᠶᠠᠪᠤᠨ᠎ᠠ ᠃
 ᠠ ᠳ᠋ᠠ ᠂ ᠰᠠᠶ᠋ᠢᠬᠠᠨ ᠴᠦ᠍ ᠪᠠᠶ᠋ᠢᠨ᠎ᠠ !
 ᠠᠮᠢᠲᠤᠷᠠᠯ  ᠭᠡᠳᠡᠭ ᠴᠦ᠍ ᠰᠤᠨᠢᠬᠠᠨ ᠪᠠᠶ᠋ᠢᠨ᠎ᠠ !

       ᠭᠤᠷᠪᠠᠨ ᠵᠢᠯ ᠦ᠋ᠨ ᠲᠡᠬᠡᠲᠦ ᠵᠡᠷᠬᠡ ᠶ᠋ᠢᠨ ᠲᠤᠮᠲᠠᠲᠤ ᠰᠤᠷᠭᠠᠭᠤᠯᠢ  ᠳᠦ ᠦᠵᠡᠬᠦ  
          ( ᠬᠡᠯᠡ ᠪᠢᠴᠢᠭ ) — ᠬᠤᠶᠠᠲᠤᠭᠠᠷ ᠲᠡᠪᠲᠡᠷ ᠃
         1991 ᠤᠨ ᠪ 11 ᠎ᠳ᠋ᠤᠭᠠᠷ ᠰᠠᠷ᠎ᠠ  ᠳᠦ ᠠᠩᠬᠠᠲᠤᠭᠠᠷ ᠬᠡᠪ ᠊ᠢ ᠬᠢᠪᠡ ᠃
          ᠦᠪᠦᠷ ᠮᠤᠩᠭᠤᠯ ᠦ᠋ᠨ ᠰᠤᠷᠭᠠᠨ ᠬᠦᠮᠦᠵᠢᠯ ᠦ᠋ᠨ ᠬᠡᠪᠯᠡᠯ ᠦ᠋ᠨ ᠬᠤᠷᠢᠶ᠎ᠡ ᠨᠠᠶ᠋ᠢᠷᠠᠭᠤᠯᠤᠨ ᠬᠡᠪᠯᠡᠭᠦᠯᠪᠡ ᠃

     ᠦᠰᠦᠭ ᠠᠮᠢᠯᠠᠭᠤᠯᠤᠭᠴᠢ ᠄ ᠪᠤᠤ ᠴᠢᠩ ᠬᠤ᠌
     ᠬᠢᠨᠠᠭᠴᠢ ᠄ ᠪᠠᠯᠵᠢ  ᠪᠠᠭᠰᠢ