ᠵᠢᠷᠦᠬᠡ ᠵᠢᠩᠲᠡᠭᠡᠬᠦ ᠨᠠᠮᠣᠷ – ᠭ ᠂ ᠴᠢᠩᠪᠠᠭᠠᠲᠣᠷ Зүрх жиндээх намар – Г ᠂ Чинбаатар
ᠵᠢᠷᠦᠬᠡ ᠵᠢᠩᠲᠡᠭᠡᠬᠦ ᠨᠠᠮᠣᠷ
ᠭ ᠂ ᠴᠢᠩᠪᠠᠭᠠᠲᠣᠷ
ᠢᠰᠡᠭᠡᠶ᠋ᠢᠷᠡᠭᠰᠡᠨ ᠡᠭᠦᠯᠡᠨ ᠪ ᠴᠣᠭᠣᠷᠬᠠᠢ ᠪᠡᠷ ᠪᠡᠭᠡᠷᠡᠭᠰᠡᠨ ᠨᠠᠷᠠ
ᠢᠷᠮᠡᠬᠦ ᠶ᠋ᠢᠨ ᠲᠡᠲᠦᠢ ᠱᠠᠭᠠᠶ᠋ᠢᠭᠠᠳ ᠠᠭᠣᠰᠬᠣ ᠰᠢᠭ᠋ ᠳᠠᠯᠳᠠᠷᠠᠨᠡ
ᠡᠵᠢ ᠪᠠᠨ ᠰᠠᠨᠠᠵᠣ ᠪᠡᠲᠡᠭᠢᠷᠡᠬᠦ ᠳ᠋ᠡᠭᠡᠨ ᠠᠯᠣᠰ ᠦ᠋ᠨ ᠵᠠᠮ ᠊ᠢ ᠰᠠᠷᠠᠪᠴᠢᠯᠠᠬᠣ ᠳ᠋ᠤ᠌
ᠢᠲᠡᠷᠬᠡᠨ ᠨᠠᠮᠣᠷ ᠦ᠋ᠨ ᠰᠠᠯᠬᠢᠨ ᠡᠪᠡᠰᠦᠨ ᠲᠣᠯᠣᠭᠠᠢ ᠬᠣᠶ᠋ᠢᠬᠠᠯᠠᠨᠡ
ᠣᠬᠢᠯᠠᠩᠨᠠᠭᠰᠠᠨ ᠪᠣᠷᠣᠭᠠᠨ ᠲᠠᠢ ᠡᠲᠦᠷ ᠶ᠋ᠢᠡᠷ ᠠᠭᠣᠯᠠᠰ ᠵᠣᠪᠴᠠᠬ᠋ᠠ ᠨᠥᠮᠥᠷᠴᠦ
ᠣᠶ᠋ᠢᠤᠠᠬᠠᠷᠲᠠᠶ᠋ᠢᠬᠠᠨᠨ ᠨᠠᠭᠣᠷ ᠦ᠋ᠨ ᠬᠦᠪᠡᠭᠡ ᠪᠡᠷ ᠳᠡᠷᠡᠰᠦᠨ ᠪ ᠨᠠᠮᠠᠬ᠋ᠠ ᠯᠡ ᠱᠣᠣᠭᠢᠨᠠ
ᠬᠠᠩᠬᠠᠶ᠋ᠢᠷᠠᠭᠰᠠᠨ ᠰᠢᠪᠠᠭᠣᠨ ᠪ ᠡᠭᠦᠷ ᠪᠦᠯᠢᠶᠡᠬᠡᠨ ᠢᠯᠴᠢ ᠪᠠᠨ ᠠᠯᠲᠠᠵᠣ
ᠬᠠᠪᠣᠷ ᠦ᠋ᠨ ᠳᠣᠯᠠᠭᠠᠨ ᠰᠠᠷᠠ ᠶ᠋ᠢ ᠬᠦᠯᠢᠶᠡᠵᠥ ᠶᠠᠲᠠᠬᠣ ᠮᠡᠲᠦ ᠬᠡᠯᠲᠡᠶ᠋ᠢᠨᠡ
ᠮᠢᠩᠬ᠋ᠠ ᠮᠢᠩᠭᠠᠨ ᠨᠠᠮᠣᠷ ᠊ᠢ ᠣᠭᠲᠣ ᠶ᠋ᠢᠨ ᠬᠡᠨᠡᠭ ᠦᠭᠡᠢ ᠲᠣᠭᠣᠯᠣᠭᠰᠠᠨ
ᠮᠢᠨᠥ ᠯᠡ ᠨᠣᠲᠣᠭ ᠦ᠋ᠨ ᠲᠣᠯᠣᠭᠠᠳ ᠵᠡᠭᠦᠲᠦᠨ ᠳ᠋ᠤ᠌ ᠦᠨᠵᠢᠬᠦ ᠦᠭᠡᠢ ᠣᠷᠣᠨᠠ
ᠬᠣᠷᠸ᠋ᠠ ᠶ᠋ᠢᠨ ᠬᠠᠲᠠᠭᠣᠬᠠᠨ ᠨᠣᠭᠣᠴᠠᠭᠠᠨ ᠳ᠋ᠤ᠌ ᠰᠡᠭᠦᠷᠡᠰᠦᠯᠡᠵᠦ ᠦᠵᠡᠭᠡ ᠦᠭᠡᠢ ᠠᠪᠣ ᠮᠢᠨᠢ
ᠬᠦᠦ ᠪᠡᠨ ᠰᠠᠨᠠᠬᠣ ᠶ᠋ᠢᠨ ᠴᠠᠭ ᠲᠤ ᠡᠵᠢ ᠡᠴᠡ ᠮᠢᠨᠢ ᠳᠠᠯᠳᠠᠬᠠᠨ ᠦᠭᠡᠶ᠋ᠢᠯᠡᠨᠡ
ᠭᠠᠲᠠᠭᠠᠲᠣ ᠳᠠᠯᠠᠢ ᠶ᠋ᠢᠨ ᠡᠷᠬᠢ ᠳ᠋ᠤ᠌ ᠪᠣᠴᠠᠭᠰᠠᠨ ᠰᠢᠪᠠᠭᠣᠳ ᠡᠪᠦᠯᠵᠢᠨᠡ
ᠭᠠᠵᠠᠷ ᠦ᠋ᠨ ᠬᠣᠯᠠ ᠠ᠋ᠴᠠ ᠡᠷᠢᠭᠳᠡᠬᠦ ᠨᠢ ᠠᠪᠣ ᠯᠡ ᠡᠵᠢ ᠬᠣᠶᠠᠷ
ᠨᠠᠷᠠᠨ ᠳ᠋ᠤ᠌ ᠬᠡᠯᠬᠢᠭᠦᠯᠦᠭᠰᠡᠨ ᠨᠠᠮᠣᠷ ᠬᠣᠶ᠋ᠢᠲᠦᠨ ᠪᠠᠰᠠ ᠢᠷᠡᠨᠡ
ᠨᠠᠲᠠ ᠠ᠋ᠴᠠ ᠡᠮᠥᠨᠠ ᠡᠯᠡᠭᠳᠡᠬᠦ ᠨᠢ ᠡᠵᠢ ᠯᠡ ᠠᠪᠣ ᠬᠣᠶᠠᠷ
ᠦᠰᠦᠭ ᠠᠮᠢᠯᠠᠭᠤᠯᠤᠭᠴᠢ ᠄ᠭᠣᠪᠢ
ᠬᠢᠨᠠᠭᠴᠢ ᠄ ᠪᠠᠯᠵᠢ ᠪᠠᠭᠰᠢ
