ᠲᠥᠷᠥ ᠶ᠋ᠢᠨ ᠶᠡᠬᠡ ᠨᠡᠭᠦᠳᠡᠯ - ᠰᠤᠩᠷᠠᠢ Төрийн их нүүдэл - Сунрай ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠥᠷᠥ ᠶ᠋ᠢᠨ ᠶᠡᠬᠡ ᠨᠡᠭᠦᠳᠡᠯ - ᠰᠤᠩᠷᠠᠢ Төрийн их нүүдэл - Сунрай

ᠲᠥᠷᠥ ᠶ᠋ᠢᠨ ᠶᠡᠬᠡ ᠨᠡᠭᠦᠳᠡᠯ - ᠰᠤᠩᠷᠠᠢ Төрийн их нүүдэл - Сунрай

2023-03-03

418

ᠲᠥᠷᠥ ᠶ᠋ᠢᠨ ᠶᠡᠬᠡ ᠨᠡᠭᠦᠳᠡᠯ


            ᠰᠤᠩᠷᠠᠢ 
— ᠶᠡᠬᠡ ᠶᠤᠸᠠᠨ ᠤ᠋ ᠲᠥᠷᠥ ᠶ᠋ᠢᠨ ᠪᠣᠭᠣᠮᠲᠠ ᠡᠴᠡ ᠭᠠᠷᠤᠭᠰᠠᠨ ᠤ᠋ 
640 ᠵᠢᠯ ᠦ᠋ᠨ ᠣᠢ ᠳ᠋ᠤ᠌ ᠵᠣᠷᠢᠭᠤᠯᠪᠠ ᠃

ᠮᠢᠩᠭ᠎ᠠ ᠭᠤᠷᠪᠠᠨ ᠵᠠᠭᠤᠨ ᠵᠢᠷᠠᠨ ᠨᠠᠢ᠍ᠮᠠᠨ ᠣᠨ ᠤ᠋ ᠢᠯᠡᠭᠦᠦ ᠳᠣᠯᠣᠭᠠᠨ ᠰᠠᠷ᠎ᠠ ᠳ᠋ᠤ᠌ 
ᠮᠢᠨᠦ ᠡᠪᠦᠭᠡ ᠳᠠᠢᠳᠤ ᠡᠴᠡ ᠰᠠᠯᠵᠤ ᠰᠢᠷ᠎ᠠ ᠲᠠᠯ᠎ᠠ ᠶ᠋ᠢ ᠵᠣᠷᠢᠪᠠ 
ᠮᠢᠨᠳᠠᠰᠤᠨ ᠵᠢᠯᠣᠭᠣ ᠡᠯᠡᠩᠬᠡᠢᠷᠡᠨ ᠰᠤᠨᠵᠤ ᠳᠥᠷᠥᠭᠡᠨ ᠰᠤᠷ ᠲᠠᠰᠤᠷᠬᠠᠢᠲᠠᠨ 
ᠮᠠᠩᠨᠤᠭ ᠳᠡᠪᠡᠯ ᠰᠡᠮᠡᠷᠡᠨ ᠵᠤᠯᠠᠷᠠᠵᠤ ᠮᠠᠯᠠᠭᠠᠢ ᠭᠤᠲᠤᠯ ᠭᠬᠢᠷᠲᠦᠵᠦᠬᠦᠢ᠂
ᠮᠠᠩᠬᠠᠨ ᠵᠠᠮ ᠡᠯᠦᠢᠷᠡᠨ ᠡᠵᠡᠭᠦᠢᠷᠡᠵᠦ ᠠᠶᠠᠨ ᠤ᠋ ᠴᠤᠪᠤᠭ᠎ᠠ ᠤᠷᠲᠤ
ᠮᠠᠯ ᠤᠨᠤᠭ᠎ᠠ ᠮᠥᠭᠡᠷᠡᠨ ᠣᠷᠢᠯᠠᠯᠳᠤᠵᠤ ᠠᠮᠤ ᠬᠦᠨᠡᠰᠦ ᠬᠣᠮᠰᠠ
ᠮᠠᠭᠰᠢᠨ ᠪᠥᠵᠢᠭᠯᠡᠭᠰᠡᠨ ᠠᠭᠤᠯᠠ ᠤᠰᠤᠨ ᠡᠳᠦᠭᠡ ᠲᠣᠪ ᠳᠤᠭᠤᠢ ᠳᠦᠩᠰᠦᠢᠯᠴᠡᠨ
ᠮᠠᠨᠠᠷᠠᠭᠰᠠᠨ ᠪᠣᠷᠣ ᠲᠣᠭᠣᠰᠣᠨ ᠤ᠋ ᠳᠤᠮᠳᠠᠬᠢ ᠶᠡᠬᠡ ᠨᠡᠭᠦᠳᠡᠯ ᠢ᠋ ᠪᠠᠷᠠᠯᠠᠨᠠᠮ!
ᠲᠥᠷᠥ ᠶ᠋ᠢᠨ ᠲᠠᠮᠠᠭ᠎ᠠ ᠵᠢᠷᠦᠬᠡᠨ ᠲᠦᠰᠢᠶ᠎ᠡ ᠡᠪᠦᠷ ᠳᠣᠲᠣᠷ᠎ᠠ ᠨᠢ ᠲᠦᠭᠳᠦᠢᠵᠦ
ᠲᠥᠷᠥᠭᠰᠡᠨ ᠨᠤᠲᠤᠭ ᠠᠯᠤᠰ ᠲᠡᠷᠲᠡᠭᠡ ᠬᠥᠬᠡᠷᠡᠨ ᠬᠦᠷᠡᠩᠲᠦᠨ ᠬᠠᠷᠠᠭᠳᠠᠨᠠᠮ
ᠲᠦᠮᠡ ᠳᠥᠷᠪᠡᠨ ᠮᠢᠩᠭ᠎ᠠ ᠪᠤᠵᠢᠭᠢᠨᠠᠭᠰᠠᠨ ᠴᠠᠭ ᠲᠥᠷᠥ ᠶ᠋ᠢᠨ ᠦᠢᠮᠡᠭᠡᠨ ᠳ᠋ᠦ᠍
ᠲᠥᠪᠯᠡᠨ ᠰᠠᠭᠤᠷᠢᠰᠢᠭᠰᠠᠨ ᠨᠡᠢᠰᠯᠡᠯ ᠨᠢᠭᠡᠨᠲᠡ ᠲᠡᠢᠨ ᠦ᠌ ᠤᠲᠤᠭᠠᠨ᠎ᠠ ᠵᠠᠯᠭᠢᠭᠳᠠᠪᠠᠢ
ᠤᠷᠢᠳᠤ ᠶ᠋ᠢᠨ ᠪᠠᠭᠠᠲᠤᠳ ᠤ᠋ᠨ ᠪᠦᠲᠦᠭᠡᠭᠰᠡᠨ ᠦᠢᠯᠡᠰ ᠬᠠᠷᠠᠬᠤ ᠶ᠋ᠢᠨ ᠵᠠᠭᠤᠷ᠎ᠠ ᠬᠠᠵᠠᠢᠵᠤ
ᠤᠯᠠᠭᠠᠨ ᠴᠢᠰᠤ ᠪᠠᠷ ᠪᠤᠰᠬᠠᠭᠰᠠᠨ ᠲᠥᠷᠥ ᠦᠵᠡᠵᠦ ᠪᠠᠢᠲᠠᠯ᠎ᠠ ᠵᠠᠳᠠᠷᠠᠪᠠ
ᠤᠬᠠᠭᠠᠨᠲᠤ ᠬᠠᠭᠠᠨ ᠤ᠋ ᠤᠬᠠᠭᠠᠨ ᠭᠡᠵᠦ ᠬᠡᠳᠦᠢ ᠪᠠᠢᠭᠰᠠᠨ ᠴᠤ᠌ ᠭᠦᠢᠴᠡᠭᠰᠡᠨ ᠦᠭᠡᠢ
ᠤᠯᠤᠰ ᠭᠦᠷᠦᠨ ᠵᠠᠰᠠᠭ ᠵᠠᠰᠠᠯᠲᠠ ᠶᠠᠭᠠᠬᠢᠬᠤ ᠶ᠋ᠢᠨ ᠠᠷᠭ᠎ᠠ ᠦᠭᠡᠢ ᠲᠠᠮᠲᠤᠭᠷᠠᠪᠠᠢ!
ᠭᠡᠮᠰᠢᠯ ᠰᠢᠯᠦᠭ ᠢ᠋ᠶ᠋ᠡᠨ ᠲᠡᠷᠡ ᠮᠠᠨᠢ ᠂ ᠮᠣᠷᠢᠨ ᠨᠢᠷᠤᠭᠤᠨ ᠳᠡᠭᠡᠷ᠎ᠡ ᠪᠢᠴᠢᠵᠦ
ᠭᠡᠷ ᠦ᠋ᠨ ᠴᠠᠳᠢᠭ ᠤ᠋ᠨ ᠢ᠋ᠶ᠋ᠠᠨ ᠬᠠᠭᠤᠳᠠᠰᠤᠨ ᠳ᠋ᠤ᠌ ᠬᠠᠪᠴᠢᠭᠤᠯᠵᠤ ᠲᠠᠯᠪᠢᠭᠰᠠᠨ ᠬᠡᠷᠡᠭ
ᠭᠡᠨᠡᠳᠡᠯ ᠂ ᠡᠨᠳᠡᠯ ᠂ ᠬᠠᠭᠠᠴᠠᠯ ᠡᠴᠡ ᠪᠣᠯᠤᠭᠰᠠᠨ ᠮᠢᠩᠭᠠᠨ ᠣᠨ ᠤ᠋ ᠬᠠᠷᠠᠮᠰᠠᠯ ᠨᠢ
ᠭᠡᠭᠡᠨ ᠮᠡᠷᠭᠡᠨ ᠬᠣᠢᠴᠢᠰ ᠲᠤᠨᠢ ᠰᠤᠷᠭᠠᠮᠵᠢ ᠪᠣᠯᠤᠭ ᠠ᠋ ᠭᠡᠰᠡᠨ ᠪᠢᠵᠡ!
ᠶᠤᠸᠠᠨ ᠤ᠋ ᠲᠥᠷᠥ ᠶ᠋ᠢᠨ ᠤᠮᠠᠷᠠᠰᠢ ᠨᠡᠭᠦᠭᠰᠡᠨ ᠤᠭ ᠦᠨᠳᠦᠰᠦ ᠶ᠋ᠢ ᠰᠢᠨᠵᠢᠯᠡᠪᠡᠯ
ᠶᠠᠮᠠᠷ ᠨᠢᠭᠡᠨ ᠭᠡᠨᠡᠳᠲᠡ ᠶ᠋ᠢᠨ ᠬᠦᠴᠦᠨ᠎ᠡ ᠢᠪ ᠲᠦᠯᠬᠢᠭᠳᠡᠭᠰᠡᠨ ᠪᠤᠰᠤ
ᠢᠯᠵᠠᠷᠠᠯ ᠳᠣᠷᠣᠢᠲᠠᠯ ᠬᠦᠨᠳᠦ ᠨᠣᠴᠢᠲᠠᠢ ᠂ ᠳᠣᠲᠣᠭᠠᠳᠤ ᠵᠥᠷᠢᠴᠡᠯ ᠶᠡᠬᠡ
ᠶᠠᠷᠰᠢᠭ ᠲᠦᠪᠡᠭ ᠳᠠᠪᠬᠤᠷ ᠳᠠᠪᠬᠤᠷ ᠶᠠᠪᠤᠳᠠᠯ ᠪᠦᠬᠦᠨ᠎ᠡ ᠴᠠᠯᠠᠭᠠᠢᠳᠠᠪᠠ ᠃
ᠲᠥᠷᠥ ᠶ᠋ᠢᠨ ᠡᠵᠡᠨ ᠲᠥᠷᠥ ᠳ᠋ᠡᠭᠡᠨ ᠬᠠᠨᠳᠤᠬᠤ ᠦᠭᠡᠢ ᠲᠡᠮᠦᠷ ᠴᠠᠭᠠᠷᠢᠭ ᠤᠷᠠᠯᠠᠵᠤ
ᠲᠦᠰᠢᠮᠡᠯ ᠰᠠᠢᠳ ᠵᠠᠰᠠᠭ ᠲᠤᠷ ᠦᠢᠯᠡᠴᠢᠯᠡᠬᠦ ᠦᠭᠡᠢ ᠨᠠᠮ ᠰᠦᠯᠪᠡᠭᠡ ᠪᠠᠢᠭᠤᠯᠤᠨ᠎ᠠ ᠃
ᠲᠦᠮᠡᠨ ᠢᠷᠭᠡᠳ ᠦ᠋ᠨ ᠣᠷᠣᠰᠢᠨ ᠲᠣᠭᠲᠠᠨᠢᠯ ᠲᠡᠳᠡᠨ ᠦ᠌ ᠰᠠᠨᠠᠭᠠᠨ ᠳ᠋ᠤ᠌ ᠫᠠᠳ ᠦᠭᠡᠢ
ᠲᠥᠷᠥᠭᠰᠡᠨ ᠪᠡᠶ᠎ᠡ ᠶ᠋ᠢᠨ ᠠᠮᠤᠷ ᠵᠢᠷᠭᠠᠯ ᠢ᠋ ᠶᠠᠭᠤᠨ ᠡᠴᠡ ᠴᠤ᠌ ᠡᠷᠬᠢᠮ ᠪᠣᠯᠭᠠᠵᠤᠬᠤᠢ ᠃
ᠡᠴᠢᠭᠡ ᠬᠥᠪᠡᠭᠦᠨ ᠡᠰᠡᠷᠭᠦᠯᠡᠨ ᠲᠤᠯᠵᠤ ᠬᠡᠨ ᠬᠡᠨ ᠢ᠋ᠶ᠋ᠡᠨ ᠲᠠᠭᠠᠰᠢᠶᠠᠬᠤ ᠦᠭᠡᠢ
ᠡᠨᠳᠡ ᠲᠡᠨᠳᠡᠬᠢ ᠵᠠᠩᠵᠤᠨ ᠲᠦᠰᠢᠮᠡᠳ ᠠᠯᠢ ᠠᠯᠢᠨ ᠢ᠋ᠶ᠋ᠠᠨ ᠲᠣᠭᠣᠬᠤ ᠦᠭᠡᠢ
ᠡᠢᠮᠦ ᠲᠡᠢᠮᠦ ᠲᠥᠷᠥ ᠶ᠋ᠢᠨ ᠬᠡᠷᠡᠭ ᠲᠦ᠍ ᠨᠢᠭᠡᠳᠦᠯ ᠲᠥᠪᠯᠡᠷᠡᠯ ᠪᠠᠢᠬᠤ ᠦᠭᠡᠢ
ᠢᠲᠡᠭᠡᠯ ᠵᠢᠷᠤᠮ ᠂ ᠬᠠᠤᠯᠢ ᠵᠠᠷᠯᠠᠯ ᠭᠡᠵᠦ ᠵᠠᠰᠠᠭ ᠨᠣᠶᠠᠳ ᠣᠢᠰᠢᠶᠠᠬᠤ ᠦᠭᠡᠢ ᠃
ᠭᠠᠯᠵᠠᠭᠤ ᠡᠲᠡᠭᠡᠳ ᠲᠣᠬᠢᠶᠠᠯ ᠢ᠋ ᠵᠠᠪᠰᠢᠨ ᠵᠢᠳᠠ ᠰᠡᠯᠡᠮ᠎ᠡ ᠡᠷᠭᠦᠯᠴᠡᠵᠦ
ᠭᠠᠵᠢᠭᠤ ᠰᠤᠷᠭᠠᠯ ᠢ᠋ᠶ᠋ᠠᠷ ᠬᠥᠮᠦᠰ ᠢ᠋ ᠮᠡᠬᠡᠯᠡᠨ ᠦᠨᠳᠦᠰᠦᠲᠡᠨ ᠦ᠌ ᠵᠥᠷᠢᠴᠡᠯ ᠢ᠋ ᠬᠤᠷᠴᠠᠳᠬᠠᠪᠠ
ᠭᠠᠳᠠᠭᠠᠳᠤ ᠳᠣᠲᠣᠭᠠᠳᠤ ᠬᠠᠮᠰᠠᠭ᠎ᠠ ᠨᠡᠢᠯᠡᠨ ᠳᠠᠢᠳᠤ ᠶ᠋ᠢ ᠪᠤᠯᠢᠶᠠᠨ ᠡᠵᠡᠯᠡᠵᠦ
ᠭᠠᠯ ᠤᠲᠤᠭ᠎ᠠ ᠲᠡᠭᠷᠢ ᠳ᠋ᠦ᠍ ᠲᠤᠯᠵᠤ ᠶᠠᠯ᠎ᠠ ᠨᠢᠭᠦᠯ ᠤᠯᠠᠩᠭᠠᠰᠪᠠ
ᠱᠠᠩᠳᠤ ᠬᠣᠲᠠ ᠶ᠋ᠢ ᠭᠠᠯᠳᠠᠨ ᠳᠠᠭᠤᠰᠬᠠᠵᠤ ᠢᠩᠴᠠᠩ ᠪᠠᠯᠭᠠᠰᠤᠨ ᠢ᠋ ᠲᠦᠢᠪᠡᠭᠡᠨ
ᠰᠢᠷ᠎ᠠ ᠲᠠᠯ᠎ᠠ ᠶ᠋ᠢ ᠭᠢᠰᠬᠢᠯᠡᠨ ᠲᠠᠯᠬᠢᠵᠤ ᠬᠤᠯᠠᠨ ᠰᠢᠷᠭ᠎ᠠ ᠶ᠋ᠢ ᠰᠣᠴᠢᠭᠠᠪᠠ
ᠱᠠᠰᠢᠨ ᠰᠢᠲᠦᠯᠭᠡ ᠨᠣᠮ ᠰᠤᠳᠤᠷ ᠠᠯᠢ ᠪᠦᠬᠦᠨ ᠢ᠋ ᠴᠥᠯᠪᠡᠵᠦ
ᠰᠢᠷᠬᠠᠯᠠᠵᠤ ᠬᠣᠴᠣᠷᠤᠭᠰᠠᠨ ᠬᠥᠮᠦᠨ ᠴᠢᠯᠠᠭᠤᠨ ᠤ᠋ ᠲᠣᠯᠣᠭᠠᠢ ᠶ᠋ᠢ ᠬᠦᠷᠲᠡᠯ᠎ᠡ ᠴᠠᠪᠴᠢᠵᠤᠬᠤᠢ
ᠬᠠᠯᠠᠭᠤᠨ ᠵᠠᠭᠤᠷ᠎ᠠ ᠪᠠᠨ ᠨᠢᠭᠡᠳᠬᠦ ᠦᠭᠡᠢ ᠬᠤᠪᠢ ᠬᠤᠪᠢ ᠪᠠᠨ ᠬᠥᠭᠡᠭᠡᠴᠡᠯᠳᠦᠪᠡᠯ
ᠬᠠᠮᠤᠭ ᠪᠦᠬᠦᠨ ᠢ᠋ᠶ᠋ᠡᠨ ᠠᠯᠳᠠᠬᠤ ᠶ᠋ᠢᠨ ᠳᠠᠭᠠᠤ ᠬᠡᠰᠡᠭ ᠬᠡᠰᠡᠭ ᠢ᠋ᠶ᠋ᠡᠷ ᠵᠠᠯᠭᠢᠭᠳᠠᠨᠠᠮ!
ᠬᠠᠷᠢ ᠭᠦᠷᠦᠨ ᠢ᠋ ᠲᠦᠪᠰᠢᠳᠬᠡᠬᠦ ᠳᠤᠮᠳᠠ ᠬᠠᠷᠭᠢᠰ ᠵᠠᠯᠢᠬᠠᠢ ᠶ᠋ᠢ ᠦᠯᠡᠳᠡᠭᠡᠪᠡᠯ
ᠬᠠᠷᠢᠨ ᠴᠤ᠌ ᠬᠣᠣᠷ ᠤ᠋ᠨ ᠦᠨᠳᠦᠰᠦ ᠪᠣᠯᠵᠤ ᠬᠠᠲᠠᠭᠤ ᠬᠠᠷᠢᠭᠤ ᠣᠯᠬᠤ ᠶᠤᠮ ᠪᠠᠢᠨ᠎ᠠ ᠃
ᠲᠥᠷᠥ ᠶ᠋ᠢᠨ ᠶᠡᠬᠡ ᠣᠰᠣᠯ ᠡᠴᠡ ᠶᠡᠬᠡ ᠨᠡᠭᠦᠳᠡᠯ ᠬᠥᠳᠡᠯᠵᠦ
ᠲᠡᠦᠬᠡ ᠶ᠋ᠢᠨ ᠨᠢᠭᠡᠨ ᠬᠠᠭᠤᠳᠠᠰᠤᠨ᠎ᠠ ᠭᠡᠮᠰᠢᠯ ᠪᠣᠯᠤᠨ ᠬᠣᠴᠣᠷᠪᠠᠢ
ᠲᠡᠷᠡ ᠶᠡᠬᠡ ᠭᠡᠮᠰᠢᠯ ᠡᠴᠡ ᠶᠡᠬᠡ ᠤᠬᠠᠭᠠᠷᠠᠯ ᠤᠷᠭᠤᠵᠤ
ᠲᠦᠷᠢᠮᠡᠬᠡᠢ ᠬᠠᠷᠭᠢᠰ ᠤ᠋ᠨ ᠡᠰᠡᠷᠭᠦ ᠬᠡᠷᠡᠮ ᠪᠣᠯᠤᠨ ᠬᠥᠨᠳᠡᠯᠢᠰᠪᠡᠢ!
ᠶᠤᠸᠠᠨ ᠤ᠋ ᠲᠥᠷᠥ ᠳᠠᠢᠳᠤ ᠡᠴᠡ ᠨᠡᠭᠦᠭᠰᠡᠨ ᠴᠦ᠍ ᠮᠣᠩᠭᠣᠯ ᠤ᠋ᠨ ᠥᠨᠳᠥᠷᠯᠢᠭ ᠲᠦ᠍ ᠲᠥᠪᠯᠡᠨ
ᠶᠡᠷᠦ ᠪᠤᠰᠤ ᠰᠦᠷ ᠬᠦᠴᠦᠨ ᠢ᠋ᠶ᠋ᠡᠷ ᠬᠡᠳᠦᠨ ᠵᠠᠭᠤᠨ ᠢ᠋ ᠳᠡᠮᠵᠢᠪᠡ
ᠢᠩᠽᠦ᠋ᠩ ᠬᠠᠭᠠᠨ ᠢ᠋ ᠪᠠᠷᠢᠴᠠᠭᠠᠯᠠᠨ ᠮᠢᠩ ᠦ᠋ᠨ ᠰᠠᠭᠤᠷᠢ ᠶ᠋ᠢ ᠭᠤᠢᠪᠢᠭᠤᠯᠵᠤ
ᠶᠢᠷᠲᠢᠨᠴᠦ ᠶ᠋ᠢᠨ ᠬᠠᠭᠠᠰ ᠢ᠋ ᠡᠵᠡᠷᠬᠡᠨ 《 ᠤᠮᠠᠷᠠᠲᠤ ᠶᠤᠸᠠᠨ 》 ᠭᠡᠮᠡᠨ ᠠᠯᠳᠠᠷᠰᠢᠪᠠᠢ
ᠬᠣᠵᠢᠮ ᠤ᠋ᠨ ᠦᠷᠡᠰ ᠨᠢ ᠲᠡᠦᠬᠡ ᠶ᠋ᠢᠨ ᠬᠡᠷᠡᠭ ᠢ᠋ᠶ᠋ᠡᠷ ᠰᠤᠷᠭᠠᠮᠵᠢ ᠠᠪᠤᠭᠰᠠᠨ ᠪᠥᠭᠡᠰᠦ
ᠬᠣᠢᠨ᠎ᠠ ᠂ ᠡᠮᠦᠨ᠎ᠡ ᠂ ᠵᠡᠭᠦᠨ ᠂ ᠪᠠᠷᠠᠭᠤᠨ ᠭᠡᠵᠦ ᠵᠦᠭ ᠵᠦᠭ ᠲᠡᠭᠡᠨ ᠵᠢᠳᠬᠦᠯᠳᠦᠬᠦ ᠤᠤ?
ᠬᠣᠭᠣᠷᠣ ᠬᠣᠭᠣᠷᠣᠨᠳᠣ ᠪᠠᠨ ᠬᠠᠭᠠᠴᠠᠨ ᠵᠠᠳᠠᠷᠠᠵᠤ ᠡᠷᠬᠡ ᠠᠰᠢᠭ ᠲᠡᠮᠡᠴᠡᠯᠳᠦᠭᠰᠡᠨ ᠡᠴᠡ
ᠬᠤᠢᠬᠤᠷ ᠮᠠᠨᠵᠤ ᠶ᠋ᠢᠨ ᠤᠷᠠᠬᠠᠨ ᠳ᠋ᠤ᠌ ᠤᠨᠠᠵᠤ ᠬᠠᠷᠢ ᠶ᠋ᠢᠨ ᠪᠣᠭᠣᠯ ᠪᠣᠯᠵᠤᠬᠤᠢ!
ᠣᠷᠴᠢᠮ ᠤ᠋ᠨ ᠵᠢᠯ ᠡᠴᠡ ᠮᠣᠩᠭᠣᠯ ᠣᠷᠣᠨ ᠶᠠᠪᠤᠬᠤ ᠳᠣᠳᠣᠮ ᠢᠪᠴᠤᠷᠠᠵᠤ
ᠣᠳᠣ ᠪᠣᠯᠬᠤ ᠳ᠋ᠤ᠌ ᠲᠥᠷᠥ ᠪᠠᠢᠲᠤᠭᠠᠢ ᠭᠡᠷ ᠨᠡᠭᠦᠬᠦ ᠳ᠋ᠦ᠍ ᠴᠦ᠍ ᠬᠦᠴᠢᠷᠳᠡᠪᠡ
ᠣᠷᠣᠰᠢᠨ ᠰᠠᠭᠤᠷᠢᠰᠢᠭᠴᠢ ᠮᠠᠯᠴᠢᠳ ᠬᠦᠷᠲᠡᠯ᠎ᠡ ᠰᠣᠶᠣᠯ ᠠᠬᠤᠢ ᠪᠠᠨ ᠠᠯᠳᠠᠵᠤ
ᠣᠷᠣᠨ ᠨᠤᠲᠤᠭ ᠡᠴᠡ ᠪᠡᠨ ᠠᠯᠪᠠ ᠪᠠᠷ ᠰᠢᠬᠠᠭᠳᠠᠨ ᠲᠡᠨᠦᠭᠦᠯ ᠢᠷᠭᠡᠳ ᠪᠣᠯᠵᠤ ᠪᠣᠢ!
ᠪᠦᠯᠬᠦᠮᠳᠡᠯ ᠨᠢᠭᠲᠠᠷᠠᠯ ᠰᠤᠯᠠᠷᠠᠭᠰᠠᠭᠠᠷ ᠡᠢᠮᠦ ᠪᠣᠯᠳᠠᠭ ᠤ᠋ᠨ ᠰᠢᠯᠲᠠᠭᠠᠨ ᠢ᠋
ᠪᠤᠭᠤᠷᠤᠯ ᠲᠡᠦᠬᠡ ᠮᠠᠨ ᠳ᠋ᠤ᠌ ᠤᠳᠠᠭ᠎ᠠ ᠳᠠᠷᠠᠭᠠᠯᠠᠨ ᠰᠢᠪᠡᠨᠡᠭᠰᠡᠭᠡᠷ
ᠪᠣᠭᠳᠠ ᠶ᠋ᠢᠨ ᠠᠷᠢᠭᠤᠨ ᠰᠤᠷᠭᠠᠯ ᠢ᠋ᠶ᠋ᠠᠷ ᠦᠢᠯᠡᠰ ᠦ᠋ᠨ ᠮᠥᠷ ᠢ᠋ᠶ᠋ᠡᠨ ᠬᠥᠲᠥᠯᠬᠦ ᠶ᠋ᠢ
ᠪᠣᠰᠤᠭ᠎ᠠ ᠰᠣᠶᠣᠯᠲᠤ ᠤᠭᠰᠠᠭᠠᠲᠠᠨ ᠮᠠᠨᠢ ᠠᠩᠬᠠᠷᠤᠨ ᠠᠵᠢᠶᠠᠪᠠᠰᠤ ᠵᠣᠬᠢᠮᠤᠢ!

ᠨᠡᠷ᠎ᠡ ᠬᠦᠨᠳᠦᠲᠦ ᠲᠡᠦᠬᠡ ᠶ᠋ᠢᠨ ᠠᠪᠤᠷᠭᠤ ᠰᠣᠩᠷᠠᠢ ᠪᠠᠭᠰᠢ ᠶ᠋ᠢᠨ
ᠪᠢᠴᠢᠵᠦ ᠦᠯᠡᠳᠡᠭᠡᠭᠰᠡᠨ ᠪᠦᠲᠦᠭᠡᠯ ᠢ᠋ ᠬᠦᠷᠭᠡᠪᠡ ᠃

ᠦᠰᠦᠭ ᠠᠮᠢᠯᠠᠭᠤᠯᠤᠭᠴᠢ ᠄ ᠪᠤᠤ ᠴᠢᠩ ᠬᠤ᠌
ᠬᠢᠨᠠᠭᠴᠢ ᠄ ᠮᠥᠴᠢᠷ ᠪᠠᠭᠰᠢ